Босоо бичгээрээ тэмдэглэлээ хөтөлье

Монгол бичгийн блогийн загвар татах хувилбар 1.1

Дөрвөн улирал

Sep 12, 2014

ᠳᠥᠷᠪᠡᠨ ᠴᠠᠭ

ᠪᠣᠷᠣᠭ᠎ᠠ ᠭᠠᠭᠴᠠ ᠨᠢᠭᠡ ᠳᠤᠰᠤᠬᠤ ᠨᠢ ᠰᠠᠶᠢᠬᠠᠨ
ᠪᠣᠷᠣᠭ ᠡᠪᠡᠰᠦ ᠨᠣᠷᠤᠭᠰᠠᠨ ᠪᠠᠶᠢᠬᠤ ᠨᠢ ᠰᠠᠶᠢᠬᠠᠨ
ᠬᠠᠪᠤᠷ ᠤᠨ ᠴᠠᠰᠤ ᠭᠡᠷ ᠣᠷᠤᠭᠤ ᠤᠷᠤᠰᠬᠤ ᠨᠢ ᠰᠠᠶᠢᠬᠠᠨ
ᠬᠠᠮᠢᠭ᠎ᠠ ᠨᠢᠭᠡᠲᠡᠭᠡ ᠰᠢᠪᠠᠭᠤᠳ ᠭᠠᠩᠭᠠᠨᠠᠬᠤ ᠰᠠᠶᠢᠬᠠᠨ᠃

ᠠᠯᠲᠠᠨ ᠬᠠᠷᠢᠶᠠᠴᠠᠢ ᠳᠡᠷᠭᠡᠳᠡᠭᠦᠷ ᠨᠢᠰᠬᠦ ᠰᠠᠶᠢᠬᠠᠨ
ᠠᠶᠠᠨ ᠤ ᠬᠦᠮᠦᠨ ᠮᠠᠨ ᠤ ᠤᠶᠠᠭᠠᠨ ᠳᠤ ᠪᠠᠭᠤᠬᠤ ᠰᠠᠶᠢᠬᠠᠨ
ᠠᠶᠢᠯ ᠤᠨ ᠮᠠᠨᠢ ᠠᠶᠢᠯ ᠳᠤ ᠪᠦᠰᠡᠭᠦᠢ ᠪᠠᠶᠢᠬᠤ ᠰᠠᠶᠢᠬᠠᠨ
ᠠᠶᠢᠯ ᠨᠡᠭᠦᠵᠦ ᠢᠷᠡᠬᠦ ᠰᠠᠶᠢᠬᠠᠨ᠃

ᠬᠠᠩᠭᠠᠢ ᠶᠢᠨ ᠪᠣᠷᠣᠭ᠎ᠠ ᠭᠡᠨᠡᠳᠲᠡ ᠠᠰᠬᠠᠬᠤ ᠨᠢ ᠰᠠᠶᠢᠬᠠᠨ
ᠬᠠᠷᠠᠩᠭᠤᠢ ᠶᠢᠨ ᠳᠤᠮᠳᠠ ᠴᠠᠬᠢᠯᠭᠠᠨ ᠭᠢᠯᠪᠠᠬᠤ ᠨᠢ ᠰᠠᠶᠢᠬᠠᠨ
ᠬᠣᠨᠣᠨ ᠥᠨᠵᠢᠨ ᠪᠣᠷᠣᠭ᠎ᠠ ᠵᠦᠰᠡᠷᠡᠬᠦ ᠨᠢ ᠰᠠᠶᠢᠬᠠᠨ
ᠬᠣᠯᠠ ᠠᠴᠠ ᠭᠡᠶᠢᠴᠢᠨ ᠢᠷᠡᠬᠦ ᠰᠠᠶᠢᠬᠠᠨ᠃

ᠰᠢᠷᠭᠠᠯ ᠲᠠᠯ᠎ᠠ ᠶᠢᠨ ᠡᠪᠡᠰᠦ ᠬᠠᠯᠢᠭᠤᠷᠠᠬᠤ ᠨᠢ ᠰᠠᠶᠢᠬᠠᠨ
ᠱᠠᠩᠬᠠᠨ ᠤ ᠦᠵᠦᠭᠦᠷ ᠲᠦ ᠰᠠᠯᠬᠢ ᠨᠢ ᠰᠡᠪᠡᠯᠵᠡᠬᠦ ᠰᠠᠶᠢᠬᠠᠨ
ᠰᠠᠷᠠ ᠲᠠᠢ ᠰᠥᠨᠢ ᠪᠤᠬᠠᠯ ᠳᠡᠭᠡᠷ᠎ᠡ ᠤᠨᠲᠠᠬᠤ ᠰᠠᠶᠢᠬᠠᠨ
ᠴᠢᠮᠠᠢᠶ ᠵᠡᠭᠦᠳᠦᠯᠡᠭᠡᠳ ᠭᠠᠵᠠᠷ ᠲᠤ ᠣᠶᠢᠴᠢᠬᠤ ᠨᠢ ᠰᠠᠶᠢᠬᠠᠨ᠃

ᠦᠶ᠎ᠡ ᠦᠶ᠎ᠡ ᠪᠣᠷᠣᠭ᠎ᠠ ᠠᠮᠤᠰᠬᠢᠬᠦ ᠨᠢ ᠰᠠᠶᠢᠬᠠᠨ
ᠡᠯᠭᠦᠭᠰᠡᠨ ᠴᠤᠪᠤᠩ ᠠᠴᠠ ᠤᠰᠤ ᠳᠤᠰᠤᠯᠠᠬᠤ ᠨᠢ ᠰᠠᠶᠢᠬᠠᠨ
ᠡᠭᠦᠯᠡᠨ ᠴᠢᠯᠦᠭᠡᠨ᠎ᠡᠰ ᠨᠠᠷᠠ ᠭᠠᠷᠬᠤ ᠨᠢ ᠰᠠᠶᠢᠬᠠᠨ
ᠡᠭᠦᠳᠡ ᠪᠡᠷ ᠪᠣᠯᠵᠣᠮᠣᠷ ᠤᠳ ᠨᠢᠰᠦᠨ ᠥᠩᠭᠡᠷᠡᠬᠦ ᠨᠢ ᠰᠠᠶᠢᠬᠠᠨ᠃

ᠰᠥᠨᠢ ᠳᠥᠯ ᠬᠦᠯᠦᠭ ᠮᠣᠷᠢ ᠢᠨᠴᠠᠭᠠᠬᠤ ᠰᠠᠶᠢᠬᠠᠨ
ᠰᠢᠯᠦᠭ ᠨᠣᠢᠷᠨᠤᠭᠠᠰᠤ ᠰᠡᠷᠡᠵᠦ ᠣᠷᠴᠢᠯᠠᠩ ᠢ ᠪᠣᠳᠣᠬᠤ ᠰᠠᠶᠢᠬᠠᠨ
ᠡᠷᠦᠬᠨ ᠦ ᠵᠠᠪᠰᠠᠷ ᠢᠶᠠᠷ ᠭᠡᠭᠡ ᠤᠷᠤᠬᠤ ᠰᠠᠶᠢᠬᠠᠨ
ᠥᠷᠯᠥᠭᠡ ᠪᠣᠯᠬᠤ ᠰᠠᠶᠢᠬᠠᠨ᠃

ᠴᠠᠶᠢᠷᠠᠨ ᠴᠠᠶᠢᠷᠠᠨ ᠪᠣᠷᠣᠭ᠎ᠠ ᠤᠷᠤᠬᠤ ᠨᠢ ᠰᠠᠶᠢᠬᠠᠨ
ᠴᠠᠪᠢᠳᠠᠷ ᠮᠣᠷᠢᠲᠠᠢ ᠬᠦᠮᠦᠨ ᠨᠠᠰᠢ ᠪᠠᠨ ᠳᠠᠪᠬᠢᠬᠤ ᠨᠢ ᠰᠠᠶᠢᠬᠠᠨ
ᠪᠣᠷᠣᠭᠠᠨ ᠠᠴᠠ ᠡᠮᠦᠨ᠎ᠡ ᠢᠷᠡᠯ᠎ᠡ ᠭᠡᠵᠦ ᠶᠠᠷᠢᠬᠤ ᠨᠢ ᠰᠠᠶᠢᠬᠠᠨ
ᠪᠣᠷᠵᠢᠭᠢᠨ ᠡᠮᠡᠭᠡᠯ ᠢᠶᠡᠨ ᠠᠪᠤᠭᠠᠳ ᠣᠷᠣᠵᠤ ᠢᠷᠡᠬᠦ ᠨᠢ ᠰᠠᠶᠢᠬᠠᠨ᠃

ᠰᠠᠷᠠ ᠲᠠᠢ ᠲᠣᠯᠤᠭᠠᠳᠠᠳ ᠢᠩᠭᠡ ᠭᠤᠩᠭᠠᠨᠠᠬᠤ ᠨᠢ ᠰᠠᠶᠢᠬᠠᠨ
ᠱᠠᠨᠵᠠᠨ ᠤ ᠦᠵᠦᠭᠦᠷ ᠲᠦ ᠠᠢ ᠨᠠᠨ ᠪᠠᠨ ᠰᠠᠭᠤᠬᠤ ᠰᠠᠶᠢᠬᠠᠨ
ᠰᠢᠷᠭᠠᠯ ᠳᠥᠯ ᠤᠭᠠᠯᠵᠠᠯᠠᠨ ᠭᠠᠯ ᠨᠣᠴᠣᠬᠤ ᠨᠢ ᠰᠠᠶᠢᠬᠠᠨ
ᠴᠢᠷᠠᠢ ᠵᠢᠰᠦ ᠪᠦᠳᠡᠭᠢ ᠪᠠᠳᠠᠭ ᠭᠡᠷᠡᠯᠲᠦᠬᠦ ᠨᠢ ᠰᠠᠶᠢᠬᠠᠨ᠃

ᠬᠥᠬᠡ ᠯᠣᠩᠬᠣᠨ ᠲᠣᠭᠣᠷᠤᠤ ᠳᠠᠭᠤᠤ ᠶᠢaᠷᠠᠬᠤ ᠰᠠᠶᠢᠬᠠᠨ
ᠬᠥᠳᠡᠭᠡ ᠴᠠᠶᠢᠳᠠᠮ ᠪᠣᠷᠣᠭᠠᠰᠢᠬᠤ ᠰᠠᠶᠢᠬᠠᠨ
ᠠᠨᠢᠷᠬᠠᠨ ᠠᠬᠤᠢ ᠳᠤ ᠴᠡᠴᠡᠭ ᠳᠣᠬᠢᠬᠤ ᠰᠠᠶᠢᠬᠠᠨ
ᠠᠭᠠᠳᠠᠷ ᠤᠨ ᠡᠮᠦᠨᠡᠬᠢ ᠪᠠᠶᠢᠳᠠᠯ ᠰᠠᠶᠢᠬᠠᠨ᠃

ᠲᠣᠭᠣᠨᠣ ᠪᠠᠷ ᠰᠠᠷ᠎ᠠ ᠭᠡᠷᠡᠯᠲᠦᠬᠦ ᠰᠠᠶᠢᠬᠠᠨ
ᠲᠣᠭᠣᠭ᠎ᠠ ᠲᠠᠢ ᠰᠦᠨ ᠳᠦ ᠲᠤᠰᠬᠤ ᠰᠠᠶᠢᠬᠠᠨ
ᠰᠥᠨᠢ ᠣᠷᠣᠢ ᠭᠠᠷᠬᠤ ᠰᠠᠶᠢᠬᠠᠨ
ᠴᠢᠳᠦᠷ ᠲᠡᠢ ᠮᠣᠷᠢᠳ ᠲᠤᠷᠢᠭᠯᠠᠬᠤ ᠰᠠᠶᠢᠬᠠᠨ᠃

ᠰᠢᠪᠡᠷᠡᠨ ᠰᠢᠪᠡᠷᠡᠨ ᠪᠣᠷᠣᠭ᠎ᠠ ᠤᠷᠤᠬᠤ ᠨᠢ ᠰᠠᠶᠢᠬᠠᠨ
ᠰᠢᠷᠢᠭᠢ ᠵᠦᠯᠭᠡ ᠨᠣᠭᠣᠭᠠᠷᠠᠬᠤ ᠨᠢ ᠰᠠᠶᠢᠬᠠᠨ
ᠵᠡᠭᠦᠨ ᠡᠮᠦᠨ᠎ᠡ ᠰᠣᠯᠣᠩᠭ᠎ᠠ ᠲᠠᠲᠠᠬᠤ ᠰᠠᠶᠢᠬᠠᠨ
ᠵᠦᠰᠡ ᠪᠣᠷᠣᠭ᠎ᠠ ᠭᠡᠷᠡᠯᠲᠦᠬᠦ ᠰᠠᠶᠢᠬᠠᠨ᠃

ᠭᠡᠭᠡᠨ ᠪᠣᠷᠣᠭᠠᠨ ᠤ ᠤᠰᠤ ᠶᠢ ᠲᠣᠰᠬᠤ ᠰᠠᠶᠢᠬᠠᠨ
ᠭᠡᠵᠢᠭᠡ ᠦᠰᠦ ᠪᠡᠨ ᠬᠡᠦᠬᠡᠨ ᠨᠦᠭᠦᠳ ᠤᠬᠢᠶᠠᠬᠤ ᠰᠠᠶᠢᠬᠠᠨ
ᠠᠭᠢ ᠬᠦᠮᠡᠯᠢ ᠶᠢᠨ ᠦᠨᠦᠷ ᠰᠡᠩᠭᠢᠨᠡᠬᠦ ᠨᠢ ᠰᠠᠶᠢᠬᠠᠨ
ᠠᠶ᠎ᠠcxᠠᠨ ᠪᠣᠳᠣᠯ ᠬᠣᠯᠠ ᠣᠶᠢᠷ᠎ᠠ ᠶᠢ ᠰᠠᠨᠠᠬᠤ ᠰᠠᠶᠢᠬᠠᠨ᠃

ᠦᠳᠡᠰᠢ ᠶᠢᠨ ᠪᠦᠷᠦᠢ ᠪᠡᠷ ᠢᠷᠡᠬᠦ ᠰᠠᠶᠢᠬᠠᠨ
ᠦᠷ ᠦᠨ ᠭᠡᠭᠡ ᠪᠡᠷ ᠶᠠᠪᠤᠬᠤ ᠰᠠᠶᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠶᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠶᠢᠬᠠᠨ᠃

ᠡᠬᠡ ᠨᠤᠲᠤᠭ ᠮᠢᠨᠢ ᠰᠢᠯᠦᠭ ᠰᠢᠭ ᠰᠠᠶᠢᠬᠠᠨ
ᠡᠬᠡ ᠣᠷᠣᠨ ᠮᠢᠨᠢ ᠳᠠᠭᠤᠤ ᠰᠢᠭ ᠰᠠᠶᠢᠬᠠᠨ
ᠡᠷᠭᠢᠬᠦ ᠳᠥᠷᠪᠡᠨ ᠴᠠᠭ ᠲᠤ ᠠᠮᠢᠳᠤ ᠶᠠᠪᠤᠬᠤ ᠰᠠᠶᠢᠬᠠᠨ
ᠡᠷᠢᠶᠡᠨᠴᠠᠪᠳᠤ ᠪᠣᠷᠣᠭ᠎ᠠ ᠤᠷᠤᠬᠤ ᠨᠢ ᠰᠠᠶᠢᠬᠠᠨ᠃

2᠃

ᠥᠷᠯᠥᠭᠡ ᠪᠣᠰᠬᠤ ᠳᠤ ᠴᠠᠰᠤ ᠣᠷᠣᠭᠰᠠᠨ ᠪᠠᠶᠢᠬᠤ ᠨᠢ ᠰᠠᠶᠢᠬᠠᠨ
ᠡᠷᠦᠬᠨ ᠦ ᠣᠭᠣᠰᠣᠷ ᠳᠠᠶ᠋ᠢᠯᠬᠤ ᠳᠤ ᠲᠣᠭᠣᠨᠣ ᠪᠠᠷ ᠴᠠᠰᠤ ᠤᠨᠠᠬᠤ ᠰᠠᠶᠢᠬᠠᠨ
ᠭᠠᠳᠠᠭ᠎ᠠ ᠠᠭᠤᠯᠠ ᠲᠣᠯᠣᠭᠠᠳ ᠭᠢᠯᠠᠪᠠᠯᠵᠠᠬᠤ ᠨᠢ ᠰᠠᠶᠢᠬᠠᠨ
ᠭᠠᠭᠴᠠ ᠨᠢᠭᠡ ᠡᠪᠡᠰᠦ ᠰᠠᠯᠬᠢᠨ ᠳᠤ ᠰᠡᠪᠡᠭᠡᠨᠡᠬᠦ ᠨᠢ ᠰᠠᠶᠢᠬᠠᠨ

ᠦᠳᠡᠰᠢ ᠣᠷᠣᠢ ᠠᠶᠢᠯ ᠤᠨ ᠭᠡᠷᠡᠯ ᠬᠠᠷᠠᠭᠳᠠᠬᠤ ᠰᠠᠶᠢᠬᠠᠨ
ᠦᠷᠢᠶ᠎ᠡ ᠮᠣᠷᠢᠨ ᠤ ᠬᠥᠯ ᠬᠥᠩᠭᠡᠷᠡᠬᠦ ᠰᠠᠶᠢᠬᠠᠨ
ᠬᠤᠨᠤᠬᠤ ᠠᠶᠢᠯ ᠳᠤ ᠦᠶ᠎ᠡ ᠶᠢᠨ ᠪᠦᠰᠡᠭᠦᠢ ᠪᠠᠶᠢᠬᠤ ᠰᠠᠶᠢᠬᠠᠨ
ᠬᠣᠲᠠᠴᠢ ᠨᠣᠬᠠᠢ ᠰᠠᠷᠠᠨ ᠤ ᠭᠡᠷᠡᠯ ᠳᠦ ᠬᠤᠴᠠᠬᠤ ᠰᠠᠶᠢᠬᠠᠨ

ᠲᠣᠭᠣᠨᠣ ᠪᠠᠷ ᠴᠠᠰᠤ ᠪᠤᠳᠠᠷᠠᠨ ᠤᠷᠤᠬᠤ ᠨᠢ ᠰᠠᠶᠢᠬᠠᠨ
ᠲᠣᠭᠣᠭᠠᠨ ᠤ ᠲᠠᠭᠠᠨ ᠳᠡᠭᠡᠷ᠎ᠡ ᠤᠨᠠᠭᠠᠳ ᠬᠠᠶᠢᠯᠬᠤ ᠨᠢ ᠰᠠᠶᠢᠬᠠᠨ
ᠭᠡᠷ ᠦᠨ ᠬᠣᠶᠢᠮᠣᠷ ᠲᠤ ᠠᠪᠤ ᠰᠠᠭᠤᠬᠤ ᠰᠠᠶᠢᠬᠠᠨ
ᠭᠡᠷᠡᠯᠲᠡᠢ ᠡᠭᠦᠳᠡ ᠪᠡᠷ ᠡᠵᠢ ᠣᠷᠣᠵᠤ ᠢᠷᠡᠬᠦ ᠰᠠᠶᠢᠬᠠᠨ

ᠬᠥᠲᠥᠯ ᠦᠨ ᠣᠷᠣᠢ ᠳᠤ ᠨᠠᠷ ᠲᠤᠰᠬᠤ ᠰᠠᠶᠢᠬᠠᠨ
ᠬᠥᠰᠡᠢᠭ ᠲᠡᠷᠭᠡ ᠭᠠᠷᠴᠤ ᠢᠷᠡᠬᠦ ᠨᠢ ᠰᠠᠶᠢᠬᠠᠨ
ᠲᠡᠷᠭᠡᠨ ᠦ ᠳᠤᠭᠤᠢ ᠴᠢᠬᠠᠷᠠᠨ ᠴᠢᠬᠷᠠᠨ ᠡᠷᠭᠢᠬᠦ ᠨᠢ ᠰᠠᠶᠢᠬᠠᠨ
ᠲᠡᠷᠭᠡᠨ ᠳᠣᠣᠷ᠎ᠠ ᠠᠴᠠ ᠰᠢᠪᠠᠭᠤ ᠨᠢᠰᠬᠦ ᠰᠠᠶᠢᠬᠠᠨ

ᠲᠩᠷᠢ ᠪᠤᠳᠤᠨᠭᠤᠢᠷᠢ ᠰᠤᠳᠤᠢᠬᠤ ᠨᠢ ᠰᠠᠶᠢᠬᠠᠨ ᠲᠡᠷᠲᠡᠭᠡ ᠬᠣᠯᠠ ᠶᠢᠨ ᠶᠠᠭᠤᠮ᠎ᠠ ᠦᠵᠡᠭᠳᠡᠬᠦ ᠦᠭᠡᠢ ᠲᠡᠢ ᠨᠢ ᠰᠠᠶᠢᠬᠠᠨ ᠰᠠᠯᠬᠢ ᠡᠷᠭᠢᠵᠦ᠂ ᠤᠲᠤᠭ᠎ᠠ ᠬᠤᠶᠢᠷᠠᠩᠨᠠᠬᠤ ᠨᠢ ᠰᠠᠶᠢᠬᠠᠨ ᠴᠠᠰᠤ ᠡᠷᠭᠢᠯᠳᠦᠨ ᠡᠷᠭᠢᠯᠳᠦᠨ ᠮᠠᠯᠠᠭᠠᠶᠢᠯᠠᠬᠤ ᠰᠠᠶᠢᠬᠠᠨ

ᠵᠤᠤᠬᠠᠨ ᠤ ᠭᠠᠯ ᠳᠤ ᠨᠣᠵᠣᠭᠣᠷᠠᠨ ᠨᠣᠶᠢᠷ ᠬᠦᠷᠬᠦ ᠨᠢ ᠰᠠᠶᠢᠬᠠᠨ
ᠵᠤᠨ ᠤ ᠣᠷᠣᠢ ᠰᠣᠭᠲᠣᠪᠠ ᠭᠡᠵᠦ ᠲᠡᠷᠡᠬᠡᠨ ᠵᠠᠭᠤᠷ᠎ᠠ ᠵᠡᠭᠦᠷᠮᠡᠭᠯᠡᠬᠦ ᠰᠠᠶᠢᠬᠠᠨ
ᠬᠡ ᠦᠨ.. ᠴᠠᠢ ᠤᠤ⁉ ᠭᠡᠬᠦ ᠪᠦᠳᠡᠭᠢ ᠪᠠᠳᠠᠭ ᠦᠭᠡ ᠳᠤᠭᠤᠯᠳᠠᠬᠤ ᠨᠢ ᠰᠠᠶᠢᠬᠠᠨ
ᠬᠡᠨ ᠭᠤᠸᠠᠢ ᠶᠢᠨ ᠡᠭᠡᠴᠢ ᠭᠠᠷ ᠠᠴᠠ ᠵᠥᠭᠡᠯᠡᠨ ᠲᠠᠲᠠᠬᠤ ᠨᠢ ᠰᠠᠶᠢᠬᠠᠨ

ᠴᠠᠶᠢᠳᠠᠮ ᠬᠣᠭᠣᠯᠠᠢ ᠴᠠᠶᠢᠪᠠᠯᠵᠠᠵᠤ ᠴᠠᠩᠬᠢᠷᠲᠤᠬᠤ ᠰᠠᠶᠢᠬᠠᠨ
ᠴᠢᠨᠠᠲᠤ ᠠᠤᠯᠠᠯᠠᠰ ᠭᠢᠯᠠᠰ ᠭᠢᠯᠠᠰᠬᠢᠨ ᠬᠠᠷᠠᠭᠳᠠᠬᠤ ᠨᠢ ᠰᠠᠶᠢᠬᠠᠨ
ᠴᠠᠰᠤ ᠰᠢᠭᠤᠷᠴᠢ ᠲᠣᠭᠲᠠᠭᠠᠳ ᠭᠢᠯᠪᠠᠰ ᠭᠢᠯᠪᠠᠰᠬᠢᠬᠤ ᠰᠠᠶᠢᠬᠠᠨ
ᠴᠠᠭᠠᠨ ᠡᠳᠦᠷ ᠮᠡᠯᠲᠡᠰ ᠮᠡᠯᠲᠡᠰᠬᠢᠬᠦ ᠰᠠᠶᠢᠬᠠᠨ

ᠣᠳᠣᠳ ᠲᠣᠳᠣᠷᠠᠬᠤ ᠨᠢ ᠰᠠᠷᠠᠨ ᠤ ᠣᠶᠢᠷᠠᠯᠴᠠᠭ᠎ᠠ ᠢᠯᠡᠭᠦᠦ ᠰᠠᠶᠢᠬᠠᠨ
ᠣᠩᠭᠣᠨ ᠲᠠᠯ᠎ᠠ ᠳᠤ ᠠᠳᠤᠭᠤ ᠮᠢᠨᠢ ᠪᠠᠶᠢᠬᠤ ᠰᠢᠭ ᠰᠠᠶᠢᠬᠠᠨ
ᠣᠨ ᠴᠠᠭ ᠤᠨ ᠭᠤᠷᠪᠠᠨ ᠮᠠᠷᠠᠯ ᠪᠣᠳᠣᠯ ᠵᠦᠩᠨᠡᠬᠦ ᠰᠠᠶᠢᠬᠠᠨ
ᠣᠨᠳᠣᠣ ᠭᠠᠷᠠᠭ ᠤᠨ ᠬᠥᠯᠥᠭ ᠢᠷᠡᠵᠦ ᠶᠠᠪᠤᠬᠤ ᠰᠢᠭ ᠰᠠᠶᠢᠬᠠᠨ

ᠴᠠᠰᠤ ᠣᠷᠣᠨ ᠣᠷᠣᠨ ᠯᠠᠪᠰᠠᠬᠤ ᠨᠢ ᠰᠠᠶᠢᠬᠠᠨ
ᠴᠠᠭ ᠡᠷᠭᠢᠵᠦ ᠢᠷᠡᠬᠦ ᠰᠠᠶᠢᠬᠠᠨ
ᠴᠢᠷᠠᠢᠯᠢᠭᠬᠠᠨ ᠴᠢᠮᠠᠢ ᠪᠠᠨ᠂ ᠨᠠᠮᠠᠢ ᠲᠣᠭᠤᠭ᠎ᠠ ᠦᠭᠡᠢ ᠶᠢ ᠲᠣᠭᠤᠰᠤᠭᠠᠨ ᠭᠡᠵᠦ ᠪᠣᠳᠣᠬᠤ ᠰᠠᠶᠢᠬᠠᠨ
ᠴᠠᠭ ᠭᠡᠷ ᠲᠦ ᠴᠣᠬᠢᠭᠰᠠᠭᠠᠷ ᠪᠠᠶᠢᠬᠤ ᠨᠢ ᠰᠠᠶᠢᠬᠠᠨ

ᠲᠡᠷᠭᠡᠯ ᠰᠠᠷᠠ ᠲᠠᠢ ᠰᠥᠨᠢ ᠭᠠᠳᠠᠭ᠎ᠠ ᠵᠣᠭᠰᠣᠬᠤ ᠰᠠᠶᠢᠬᠠᠨ ᠲᠡᠷᠭᠡᠨ ᠳᠡᠭᠡᠷ᠎ᠡ ᠬᠤᠷᠢᠶᠠᠭᠰᠠᠨ ᠪᠠᠷ ᠢᠶᠠᠨ ᠰᠦᠭᠯᠡᠶᠢᠬᠦ ᠰᠠᠶᠢᠬᠠᠨ ᠲᠡᠷᠲᠡᠭᠡᠬᠢ ᠬᠥᠨᠳᠡᠢ ᠴᠠᠶᠢᠪᠤᠷᠲᠤᠵᠤ ᠰᠡᠭᠦᠳᠡᠷᠲᠦᠬᠦ ᠨᠢ ᠰᠠᠶᠢᠬᠠᠨ ᠲᠡᠰᠢ ᠪᠡᠨ ᠣᠴᠢᠮᠠᠷ ᠦᠭᠡᠢ ᠠᠶᠤᠮᠠᠷ ᠰᠠᠨᠠᠭᠳᠠᠬᠤ ᠨᠢ ᠰᠠᠶᠢᠬᠠᠨ

ᠶᠠᠪᠠᠭᠠᠨ ᠰᠢᠭᠤᠷᠭ᠎ᠠ ᠭᠠᠳᠠᠭ᠎ᠠ ᠢᠰᠭᠡᠷᠬᠦ ᠰᠠᠶᠢᠬᠠᠨ ᠶᠠᠨᠳᠠᠨ ᠶᠤᠮᠠᠭᠤ ᠨᠢᠭᠡ ᠶᠠᠭᠤᠮ᠎ᠠ᠂ ᠬᠠᠮᠢᠭ᠎ᠠ ᠨᠢᠭᠡᠲᠡᠭᠡ ᠳᠠᠷᠠ ᠳᠠᠷᠬᠢᠢᠬᠤ ᠰᠠᠶᠢᠬᠠᠨ ᠭᠡᠨᠡᠳᠲᠡ ᠭᠡᠨᠡᠳᠲᠡᠬᠡᠨ ᠨᠢᠳᠠᠭᠦᠢᠯᠡᠨ ᠬᠠᠷᠠᠩᠭᠤᠶᠢᠯᠠᠬᠤ ᠨᠢ ᠰᠠᠶᠢᠬᠠᠨ ᠭᠡᠷ ᠦᠨ ᠬᠠᠶᠠᠭ᠎ᠠ ᠪᠠᠷ ᠴᠠᠰᠤ ᠬᠤᠩᠭᠠᠷᠯᠠᠬᠤ ᠨᠢ ᠰᠠᠶᠢᠬᠠᠨ

ᠠᠶᠢᠯ ᠤᠨ ᠭᠡᠷ ᠡᠴᠡ ᠬᠦᠮᠦᠰ ᠭᠠᠷᠴᠠᠭᠠᠬᠤ ᠰᠠᠶᠢᠬᠠᠨ
ᠠᠷᠢᠯᠤᠭᠰᠠᠨ ᠲᠩᠷᠢ ᠳᠦ ᠰᠢᠪᠠᠭᠤ ᠨᠢᠰᠬᠦ ᠰᠠᠶᠢᠬᠠᠨ
ᠠᠭᠤᠯᠠ ᠲᠠᠯ᠎ᠠ ᠷᠠᠭᠤ ᠭᠦᠶᠦᠬᠦ ᠰᠠᠶᠢᠬᠠᠨ
ᠤᠯᠠᠭᠠᠨ ᠬᠠᠴᠠᠷ ᠲᠠᠢ ᠬᠡᠦᠬᠡᠳ ᠦᠳ ᠲᠣᠭᠯᠠᠬᠤ ᠰᠠᠶᠢᠬᠠᠨ

ᠦᠳᠡᠰᠢ ᠶᠢᠨ ᠪᠦᠷᠦᠢ ᠪᠡᠷ ᠢᠷᠡᠬᠦ ᠰᠠᠶᠢᠬᠠᠨ
ᠦᠷ ᠦᠨ ᠭᠡᠭᠡ ᠪᠡᠷ ᠶᠠᠪᠤᠬᠤ ᠰᠠᠶᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠶᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠶᠢᠬᠠᠨ

ᠡᠬᠡ ᠨᠤᠲᠤᠭ ᠮᠢᠨᠢ ᠰᠢᠯᠦᠭ ᠰᠢᠭ ᠰᠠᠶᠢᠬᠠᠨ
ᠡᠬᠡ ᠣᠷᠣᠨ ᠮᠢᠨᠢ ᠳᠠᠭᠤᠤ ᠰᠢᠭ ᠰᠠᠶᠢᠬᠠᠨ
ᠡᠷᠭᠢᠬᠦ ᠳᠥᠷᠪᠡᠨ ᠴᠠᠭ ᠲᠤ ᠠᠮᠢᠳᠤ ᠶᠠᠪᠤᠬᠤ ᠰᠠᠶᠢᠬᠠᠨ
ᠡᠷᠢᠶᠡᠨᠴᠠᠪᠳᠤ ᠴᠠᠰᠤ ᠤᠷᠤᠬᠤ ᠨᠢ ᠰᠠᠶᠢᠬᠠᠨ!

3᠃

ᠴᠠᠰᠤ ᠬᠠᠶᠢᠯᠠᠵᠤ ᠬᠠᠨᠵᠠᠷᠠᠬᠤ ᠰᠠᠶᠢᠬᠠᠨ
ᠴᠠᠭ ᠢᠷᠡᠬᠦ ᠰᠠᠶᠢᠬᠠᠨ
ᠴᠢᠮᠠᠢ ᠬᠦᠯᠢᠶᠡᠬᠦ ᠰᠠᠶᠢᠬᠠᠨ
ᠴᠠᠭ ᠬᠠᠷᠠᠬᠤ ᠰᠠᠶᠢᠬᠠᠨ

ᠰᠢᠪᠠᠭᠤ ᠢᠷᠡᠭᠡᠳ ᠪᠠᠭᠤᠬᠤ ᠰᠠᠶᠢᠬᠠᠨ
ᠴᠢᠯᠠᠭᠤᠨ ᠳᠡᠭᠡᠷ᠎ᠡ ᠰᠠᠭᠤᠭᠠᠳ ᠨᠢᠰᠬᠦ ᠰᠠᠶᠢᠬᠠᠨ
ᠬᠠᠷᠭᠤᠢ ᠵᠠᠮ ᠢᠶᠠᠷ ᠬᠦᠮᠦᠨ ᠶᠠᠪᠤᠬᠤ ᠰᠠᠶᠢᠬᠠᠨ
ᠬᠠᠳᠠᠨ ᠳᠡᠭᠡᠷ᠎ᠡ ᠪᠢ ᠰᠠᠭᠤᠬᠤ ᠰᠠᠶᠢᠬᠠᠨ

ᠠᠶᠢᠯ ᠤᠨ ᠪᠦᠰᠡᠭᠦᠢ ᠤᠰᠤᠨ ᠳᠤ ᠶᠠᠪᠤᠬᠤ ᠰᠠᠶᠢᠬᠠᠨ
ᠠᠷᠤ ᠶᠢᠨ ᠪᠤᠯᠠᠭ ᠤᠷᠤᠭᠤ ᠳᠤᠷᠠᠨᠳᠠᠬᠤ ᠰᠠᠶᠢᠬᠠᠨ
ᠴᠡᠩᠬᠡᠷ ᠵᠡᠷᠭᠡᠯᠭᠡ ᠰᠦᠮᠡᠯᠵᠡᠬᠦ ᠨᠢ ᠰᠠᠶᠢᠬᠠᠨ
ᠴᠡᠩᠬᠡᠷ ᠳᠡᠪᠡᠯ ᠴᠢᠮ᠎ᠠ ᠳᠤ ᠵᠣᠬᠢᠬᠤ ᠨᠢ ᠰᠠᠶᠢᠬᠠᠨ

ᠲᠣᠯᠣᠭᠠᠳ ᠤᠨ ᠣᠷᠣᠢ ᠵᠡᠷᠭᠡᠯᠭᠡᠲᠦᠬᠦ ᠰᠠᠶᠢᠬᠠᠨ
ᠲᠣᠷᠭᠠᠨ ᠰᠠᠯᠬᠢ ᠰᠡᠪᠢᠯᠵᠡᠬᠦ ᠰᠠᠶᠢᠬᠠᠨ
ᠬᠥᠬᠡ ᠨᠣᠭᠣᠭᠠᠨ ᠤ ᠤᠨᠢᠶᠠᠷ ᠲᠠᠲᠠᠬᠤ ᠰᠠᠶᠢᠬᠠᠨ
ᠬᠥᠬᠡ ᠮᠠᠨᠠᠨ ᠳᠤ ᠨᠢ ᠣᠷᠢᠶᠠᠯᠭᠠᠨ ᠰᠠᠭᠤᠬᠤ ᠰᠠᠶᠢᠬᠠᠨ

ᠠᠮᠤᠭᠤᠯᠠᠩ ᠰᠥᠨᠢ ᠨᠣᠶᠢᠷ ᠬᠤᠯᠵᠢᠬᠤ ᠰᠠᠶᠢᠬᠠᠨ
ᠠᠯᠤᠰ ᠤᠨ ᠴᠢᠮᠡᠭᠡ ᠠᠨᠢᠷᠯᠠᠬᠤ ᠰᠠᠶᠢᠬᠠᠨ
ᠪᠦᠦᠷ ᠲᠦᠦᠷ ᠬᠣᠯᠠ ᠳᠤ ᠨᠢᠭᠡ ᠶᠠᠭᠤᠮ᠎ᠠ ᠵᠢᠩᠭᠢᠨᠡᠬᠦ ᠰᠠᠶᠢᠬᠠᠨ
ᠪᠦᠪᠡᠢ ᠪᠦᠪᠡᠢ ᠬᠣᠷᠸ᠎ᠠ ᠰᠠᠶᠢᠬᠠᠨ

ᠬᠡᠨ ᠨᠢᠭᠡᠨ ᠢᠷᠡᠭᠡᠳ ᠶᠠᠪᠤᠬᠤ ᠰᠠᠶᠢᠬᠠᠨ
ᠬᠡᠷᠡᠭ ᠪᠣᠯᠭᠠᠵᠤ ᠨᠠᠳᠠ ᠠᠴᠠ᠂ ᠭᠠᠯ ᠪᠠᠶᠢᠨ᠎ᠠ ᠤᠤ⁉ ᠭᠡᠵᠦ ᠠᠰᠠᠭᠤᠬᠤ ᠰᠠᠶᠢᠬᠠᠨ
ᠶᠢᠷᠲᠢᠨᠴᠦ ᠶᠢ ᠠᠷᠭᠠᠳᠠᠬᠤ ᠬᠢᠭᠡᠳ᠂ ᠪᠤᠰᠤᠳ ᠢ ᠪᠣᠳᠣᠬᠤ ᠰᠠᠶᠢᠬᠠᠨ
ᠶᠠᠭᠤᠮ᠎ᠠ ᠪᠦᠬᠦᠨ ᠢ ᠬᠠᠶᠢᠷᠠᠯᠠᠬᠤ᠂ ᠭᠣᠣᠯ ᠮᠥᠷᠡᠨ ᠤᠷᠤᠰᠬᠤ ᠬᠣᠶᠠᠷ ᠰᠠᠶᠢᠬᠠᠨ

ᠰᠥᠩ ᠲᠦᠷᠢᠵᠦ᠂ ᠭᠣᠣᠯ ᠤᠷᠤᠰᠬᠤ ᠨᠢ ᠰᠠᠶᠢᠬᠠᠨ
ᠴᠥᠮᠦᠷᠡᠪᠡᠯ᠂ ᠪᠢ ᠴᠤ ᠪᠠᠰᠠ ᠤᠷᠤᠰᠤᠨ᠎ᠠ ᠳ᠋ᠠ ᠭᠡᠵᠦ ᠪᠣᠳᠣᠬᠤ ᠰᠠᠶᠢᠬᠠᠨ
ᠥᠷᠯᠥᠭᠡ ᠭᠣᠣᠯ ᠤᠨ ᠡᠷᠭᠢ ᠳᠦ᠂ ᠭᠠᠭᠴᠠᠭᠠᠷᠬᠨ᠎ᠠ ᠰᠠᠶᠢᠬᠠᠨ
ᠣᠷᠣᠢ ᠭᠣᠣᠯ ᠤᠨ ᠬᠥᠪᠡᠭᠡᠨ ᠳᠦ ᠴᠢᠮ᠎ᠠ ᠲᠠᠢ ᠪᠠᠨ ᠰᠠᠶᠢᠬᠠᠨ

ᠬᠠᠰᠢᠶ᠎ᠠ ᠲᠡᠷᠭᠡᠨ ᠳᠡᠭᠡᠷ᠎ᠡ ᠱᠠᠭᠠᠵᠠᠭᠠᠢ ᠦᠭᠡᠯᠡᠬᠦ ᠰᠠᠶᠢᠬᠠᠨ
ᠬᠠᠮᠢᠭ᠎ᠠ ᠠᠴᠠ ᠬᠡᠨ ᠢᠷᠡᠬᠦ ᠨᠢ ᠵᠥᠩ ᠰᠢᠭ ᠰᠠᠶᠢᠬᠠᠨ
ᠳᠥᠷᠪᠡᠨ ᠵᠦᠭ ᠡᠴᠡ ᠤᠷᠤᠭ ᠰᠠᠳᠤᠨ ᠢᠷᠡᠬᠦ ᠨᠢ ᠰᠠᠶᠢᠬᠠᠨ
ᠳᠥᠲᠡ ᠶᠢᠨ ᠵᠠᠮ ᠢᠶᠠᠷ ᠬᠠᠨᠢ ᠨᠥᠬᠥᠳ ᠢᠷᠡᠬᠦ ᠨᠢ ᠰᠠᠶᠢᠬᠠᠨ

ᠴᠡᠩᠬᠡᠷᠯᠡᠵᠦ ᠨᠤᠲᠤᠭ ᠤᠨ ᠪᠠᠷ᠎ᠠ ᠬᠠᠷᠠᠭᠳᠠᠬᠤ ᠨᠢ ᠰᠠᠶᠢᠬᠠᠨ
ᠴᠡᠯᠡᠯᠵᠡᠵᠦ ᠨᠢᠳᠦᠨ ᠦ ᠨᠢᠯᠪᠤᠰᠤ ᠭᠠᠷᠬᠤ ᠰᠠᠶᠢᠬᠠᠨ
ᠳᠥᠷᠦᠭᠡᠨ ᠳᠡᠭᠡᠷ᠎ᠡ ᠥᠨᠳᠡᠶᠢᠭᠡᠳ ᠢᠰᠬᠡᠷᠦᠨ ᠳᠠᠪᠬᠢᠬᠤ ᠰᠠᠶᠢᠬᠠᠨ
ᠳᠥᠷᠪᠡᠨ ᠲᠤᠭᠤᠷᠠᠢ ᠶᠢᠨ ᠬᠣᠭᠣᠷᠣᠨᠳᠣ ᠰᠢᠪᠠᠭᠤ ᠨᠢᠰᠬᠦ ᠰᠠᠶᠢᠬᠠᠨ

ᠬᠠᠪᠤᠷ ᠤᠨ ᠥᠷᠯᠥᠭᠡ ᠡᠷᠲᠡ ᠪᠣᠰᠬᠤ ᠰᠠᠶᠢᠬᠠᠨ
ᠬᠠᠵᠠᠭᠠᠷ ᠠᠪᠤᠭᠠᠳ ᠮᠣᠷᠢᠨ ᠳᠤ ᠶᠠᠪᠤᠬᠤ ᠰᠠᠶᠢᠬᠠᠨ
ᠰᠡᠷᠢᠭᠦᠨ ᠴᠠᠰᠤ ᠦᠨᠦᠷᠳᠦᠬᠦ ᠨᠢ ᠰᠠᠶᠢᠬᠠᠨ
ᠰᠡᠮᠡᠵᠡᠨ ᠮᠥᠰᠦᠨ ᠡᠴᠡ ᠬᠦᠯᠬᠦᠬᠦ ᠨᠢ ᠰᠠᠶᠢᠬᠠᠨ

ᠣᠨ ᠣᠨ ᠵᠢᠯ ᠬᠥᠳᠡᠭᠡ ᠰᠠᠭᠤᠬᠤ ᠰᠠᠶᠢᠬᠠᠨ
ᠣᠳᠣ ᠮᠡᠲᠦ ᠬᠥᠬᠡ ᠳᠠᠩ ᠰᠠᠭᠤᠴᠠᠨ ᠳᠤ ᠠᠮᠢᠳᠤᠷᠠᠬᠤ ᠰᠠᠶᠢᠬᠠᠨ
ᠳᠡᠭᠡᠷ᠎ᠡ ᠶᠠᠪᠤᠭ᠎ᠠ ᠰᠠᠨᠰᠠᠷ ᠤᠨ ᠬᠥᠯᠭᠡ ᠡᠷᠭᠢᠵᠦ ᠢᠷᠡᠬᠦ ᠰᠠᠶᠢᠬᠠᠨ
ᠳᠡᠭᠡᠪᠦᠷ ᠦᠨ ᠴᠠᠰᠤ ᠬᠠᠶᠢᠯᠠᠵᠤ ᠶᠠᠩᠵᠤᠤᠷ ᠤᠨ ᠴᠣᠭ ᠳᠡᠭᠡᠷ᠎ᠡ ᠲᠤᠰᠬᠤ ᠰᠠᠶᠢᠬᠠᠨ

ᠤᠷᠭᠤᠮᠠᠯ ᠴᠡᠴᠡᠭ ᠤᠷᠭᠤᠵᠤ ᠨᠣᠭᠣᠭᠠᠷᠠᠬᠤ ᠨᠢ ᠰᠠᠶᠢᠬᠠᠨ
ᠤᠲᠠᠰᠤᠨ ᠤ ᠮᠣᠳᠣ ᠬᠥᠬᠥᠷᠴᠢ ᠭᠠᠩᠳᠠᠬᠤ ᠨᠢ ᠰᠠᠶᠢᠬᠠᠨ
ᠣᠨ ᠵᠢᠯ ᠦᠳ ᠢᠷᠡᠬᠦ ᠰᠠᠶᠢᠬᠠᠨ
ᠣᠨ ᠵᠢᠯ ᠦᠳ ᠣᠳᠬᠤ ᠰᠠᠶᠢᠬᠠᠨ

ᠦᠳᠡᠰᠢ ᠶᠢᠨ ᠪᠦᠷᠦᠢ ᠪᠡᠷ ᠢᠷᠡᠬᠦ ᠰᠠᠶᠢᠬᠠᠨ
ᠦᠷ ᠦᠨ ᠭᠡᠭᠡ ᠪᠡᠷ ᠶᠠᠪᠤᠬᠤ ᠰᠠᠶᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠶᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠶᠢᠬᠠᠨ

ᠡᠬᠡ ᠨᠤᠲᠤᠭ ᠮᠢᠨᠢ ᠰᠢᠯᠦᠭ ᠰᠢᠭ ᠰᠠᠶᠢᠬᠠᠨ
ᠡᠬᠡ ᠣᠷᠣᠨ ᠮᠢᠨᠢ ᠳᠠᠭᠤᠤ ᠰᠢᠭ ᠰᠠᠶᠢᠬᠠᠨ
ᠡᠷᠭᠢᠬᠦ ᠳᠥᠷᠪᠡᠨ ᠴᠠᠭ ᠲᠤ ᠠᠮᠢᠳᠤ ᠶᠠᠪᠤᠬᠤ ᠰᠠᠶᠢᠬᠠᠨ
ᠡᠷᠢᠶᠡᠨᠴᠠᠪᠳᠤ ᠭᠣᠣᠯ ᠤᠷᠤᠰᠬᠤ ᠰᠠᠶᠢᠬᠠᠨ

4᠃

ᠨᠠᠪᠴᠢ ᠭᠠᠭᠴᠠ ᠨᠢᠭᠡ ᠤᠨᠠᠬᠤ ᠨᠢ ᠰᠠᠶᠢᠬᠠᠨ
ᠨᠠᠷᠠ ᠲᠣᠯᠣᠭᠠᠳ ᠤᠨ ᠴᠠᠭᠠᠨ᠎ᠠ ᠠᠴᠠ ᠭᠠᠷᠬᠤ ᠰᠠᠶᠢᠬᠠᠨ
ᠰᠡᠪ ᠰᠡᠪ ᠰᠠᠯᠬᠢ ᠡᠭᠦᠰᠬᠦ ᠰᠠᠶᠢᠬᠠᠨ
ᠰᠡᠮ ᠰᠡᠮᠬᠡᠨ ᠬᠤᠢ ᠪᠣᠰᠬᠤ ᠰᠠᠶᠢᠬᠠᠨ

ᠭᠣᠣᠯ ᠮᠢᠷᠠᠯᠵᠠᠨ ᠤᠷᠤᠰᠬᠤ ᠨᠢ ᠰᠠᠶᠢᠬᠠᠨ
ᠭᠠᠭᠴᠠ ᠨᠢᠭᠡ ᠢᠯᠠᠭ᠎ᠠ ᠳᠣᠯᠭᠢᠶᠠᠨ ᠳᠤ ᠨᠢ ᠰᠠᠭᠤᠬᠤ ᠰᠠᠶᠢᠬᠠᠨ
ᠮᠣᠷᠢᠨ ᠤ ᠰᠢᠷ᠎ᠠ ᠬᠣᠮᠤᠯ ᠲᠡᠷᠡᠦᠬᠡᠨ ᠳᠦ ᠬᠦᠪᠬᠦ ᠰᠠᠶᠢᠬᠠᠨ
ᠮᠣᠳᠣᠨ ᠲᠡᠷᠭᠡᠨ ᠦ ᠭᠠᠭᠴᠠ ᠢᠯᠠᠤ ᠤᠷᠤᠰᠴᠤ ᠥᠩᠭᠡᠷᠡᠬᠦ ᠰᠠᠶᠢᠬᠠᠨ

ᠬᠣᠯᠠ ᠣᠶᠢᠷ᠎ᠠ ᠶᠢ ᠰᠠᠨᠠᠭᠠᠯᠵᠠᠵᠤ ᠤᠶᠠᠷᠠᠬᠤ ᠰᠠᠶᠢᠬᠠᠨ
ᠬᠣᠲᠠ ᠠᠶᠢᠯ ᠠᠴᠠ ᠬᠡᠨ ᠨᠢᠭᠡ ᠨᠢ ᠶᠠᠪᠤᠬᠤ ᠳᠤ ᠦᠭᠡ ᠵᠠᠬᠢᠮᠠᠷ ᠰᠠᠶᠢᠬᠠᠨ
ᠲᠣᠷᠣᠯᠵᠠᠬᠤ ᠪᠠᠷ᠎ᠠ ᠶᠢ ᠬᠠᠷᠠᠵᠤ ᠵᠣᠭᠰᠣᠬᠤ ᠰᠠᠶᠢᠬᠠᠨ
ᠲᠣᠷᠭᠠᠨ ᠠᠯᠴᠢᠭᠤᠷ ᠳᠡᠷᠪᠡᠬᠦ ᠰᠠᠶᠢᠬᠠᠨ

ᠰᠡᠮᠡᠵᠡᠨ ᠴᠠᠭᠠᠨ ᠡᠭᠦᠯᠡ ᠨᠡᠭᠦᠬᠦ ᠰᠠᠶᠢᠬᠠᠨ
ᠰᠡᠳᠬᠢᠯ ᠵᠢᠷᠦᠬᠡᠨ ᠳᠤᠮᠳᠠᠭᠤᠷ ᠬᠦᠪᠬᠦ ᠰᠠᠶᠢᠬᠠᠨ
ᠰᠢᠪᠡᠷ ᠠᠪᠢᠷ ᠪᠣᠷᠣᠭ᠎ᠠ ᠰᠠᠯᠬᠢᠯᠠᠬᠤ ᠰᠠᠶᠢᠬᠠᠨ
ᠰᠢᠪᠡᠭᠡᠨ ᠲᠣᠯᠣᠭᠠᠢ ᠭᠠᠩᠬᠤᠬᠤ ᠰᠠᠶᠢᠬᠠᠨ

ᠮᠣᠷᠢᠲᠠᠢ ᠬᠦᠮᠦᠨ ᠳᠠᠪᠬᠢᠨ ᠣᠳᠬᠤ ᠰᠠᠶᠢᠬᠠᠨ
ᠮᠣᠷᠢᠨ ᠲᠥᠪᠺᠭᠡᠨ ᠳᠤᠭᠤᠯᠳᠠᠬᠤ ᠰᠠᠶᠢᠬᠠᠨ
ᠲᠩᠷᠢ ᠶᠢᠨ ᠬᠠᠶᠠᠭ᠎ᠠ ᠶᠢ ᠬᠠᠷᠠᠬᠤ ᠰᠠᠶᠢᠬᠠᠨ
ᠲᠡᠷᠭᠡ ᠬᠥᠰᠬᠡᠨ ᠦ ᠵᠠᠮ ᠵᠤᠷᠠᠶᠢᠬᠤ ᠰᠠᠶᠢᠬᠠᠨ

ᠡᠮᠦᠨᠡ ᠵᠦᠭ ᠲᠦ ᠰᠢᠪᠠᠭᠤ ᠨᠢᠰᠬᠦ ᠰᠠᠶᠢᠬᠠᠨ
ᠡᠭᠦᠯᠡᠰ ᠦᠨ ᠳᠤᠮᠳᠠ ᠭᠠᠩᠭᠠᠨᠠᠬᠤ ᠰᠠᠶᠢᠬᠠᠨ
ᠨᠠᠷᠠᠨ ᠰᠢᠷᠭᠠᠯᠲᠤᠵᠤ ᠲᠣᠭᠣᠷᠠᠭᠲᠤᠬᠤ ᠰᠠᠶᠢᠬᠠᠨ
ᠨᠠᠪᠴᠢᠰ ᠤᠨ ᠰᠢᠷ᠎ᠠ ᠰᠢᠭᠤᠷᠭ᠎ᠠ ᠬᠠᠶᠠᠯᠠᠬᠤ ᠰᠠᠶᠢᠬᠠᠨ

ᠰᠢᠷᠭᠠᠯ ᠪᠣᠷᠣᠭ᠎ᠠ ᠨᠠᠷᠠᠲᠠᠢ ᠤᠷᠤᠬᠤ ᠰᠠᠶᠢᠬᠠᠨ
ᠱᠠᠨᠵᠠ ᠶᠠᠲᠤᠭ᠎ᠠ ᠶᠢᠨ ᠤᠲᠠᠰᠤ ᠪᠤᠶᠢᠯᠠᠬᠤ ᠨᠢ ᠰᠠᠶᠢᠬᠠᠨ
ᠱᠠᠪᠠᠢ ᠲᠥᠷᠦᠰᠦᠨ ᠬᠣᠨᠭᠣᠷᠵᠤᠯᠠ ᠡᠭᠡᠴᠢᠷᠬᠡᠬᠦ ᠨᠢ ᠰᠠᠶᠢᠬᠠᠨ
ᠱᠠᠯᠳᠢᠷ ᠪᠤᠯᠢᠲᠠᠢ ᠳᠤᠦ ᠮᠢᠨᠢ ᠲᠤᠭᠦᠨ ᠦᠭ ᠰᠠᠨᠠᠬᠤ ᠨᠢ ᠰᠠᠶᠢᠬᠠᠨ

ᠭᠠᠨ ᠵᠢᠵᠡᠦ ᠳᠥᠷᠥᠭᠡ ᠭᠠᠳᠠᠭ᠎ᠠ ᠳᠤᠤᠭᠠᠷᠬᠤ ᠰᠠᠶᠢᠬᠠᠨ
ᠭᠠᠩᠭᠠᠨ ᠮᠣᠷᠢᠲᠠᠢ ᠬᠦᠮᠦᠨ ᠪᠠᠭᠤᠬᠤ ᠰᠠᠶᠢᠬᠠᠨ
ᠨᠠᠮᠤᠷ ᠤᠨ ᠰᠠᠷᠠᠠ ᠶᠢᠨ ᠰᠢᠨ᠎ᠡ ᠶᠢᠨ ᠭᠤᠷᠪᠠᠨ ᠢᠷᠡᠬᠦ ᠰᠠᠶᠢᠬᠠᠨ
ᠨᠠᠮᠤᠭᠤᠨ ᠦᠳᠡᠰᠢ ᠠᠷᠭ᠎ᠠ ᠶᠢᠨ ᠲᠣᠭᠠᠨ ᠤ ᠰᠠᠷᠠ ᠭᠠᠷᠬᠤ ᠰᠠᠶᠢᠬᠠᠨ

ᠬᠠᠭᠤᠴᠢ ᠶᠠᠷᠢᠶ᠎ᠠ ᠨᠣᠢᠷᠤᠨ ᠳᠤᠮᠳᠠ ᠰᠣᠨᠣᠰᠳᠠᠬᠤ ᠰᠠᠶᠢᠬᠠᠨ
ᠬᠠᠭᠤᠴᠢᠨ ᠰᠦᠮ᠎ᠡ ᠶᠢᠨ ᠲᠤᠭᠤᠷᠢᠨᠳᠢ... ᠬᠡᠮᠡᠨ ᠶᠠᠷᠢᠯᠴᠠᠬᠤ ᠨᠢ ᠰᠠᠶᠢᠬᠠᠨ
ᠴᠣᠩᠬᠣ ᠪᠠᠷ ᠰᠠᠷᠠ ᠲᠤᠰᠬᠤ ᠰᠥᠨᠢ ᠦᠯᠢᠭᠡᠷ ᠶᠠᠷᠢᠬᠤ ᠰᠠᠶᠢᠬᠠᠨ
ᠴᠣᠭᠣᠷᠠᠭ᠎ᠠ ᠠᠪᠤᠭᠠᠳ ᠳᠠᠭᠤᠯᠠᠲᠠᠯ᠎ᠠ ᠴᠢᠳᠬᠥᠷ ᠤᠶᠠᠷᠠᠵᠠᠢ ᠭᠡᠬᠦ ᠰᠠᠶᠢᠬᠠᠨ

ᠰᠠᠷᠠᠠ ᠣᠷᠣᠢ ᠪᠣᠯᠵᠤ ᠬᠦᠢᠲᠡᠷᠡᠬᠦ ᠨᠢ ᠰᠠᠶᠢᠬᠠᠨ
ᠰᠠᠯᠬᠢᠨ ᠳᠤ ᠣᠳᠣᠳ ᠵᠦᠯᠭᠡᠭᠳᠡᠬᠦ ᠨᠢ ᠰᠠᠶᠢᠬᠠᠨ
ᠡᠳᠦᠷ ᠰᠥᠨᠢ ᠲᠡᠩᠴᠡᠬᠦ ᠨᠢ ᠬᠣᠷᠢᠨ ᠬᠣᠶᠠᠷᠤᠨ ᠪᠣᠯᠬᠤ ᠰᠠᠶᠢᠬᠠᠨ
ᠬᠦᠯᠦᠭ ᠬᠦᠮᠦᠨ ᠬᠣᠶᠠᠷ ᠠᠳᠠᠯᠢᠬᠠᠨ ᠴᠠᠭ ᠤᠨᠲᠠᠬᠤ ᠰᠠᠶᠢᠬᠠᠨ

ᠳᠡᠯᠡᠬᠡᠢ ᠶᠢᠨ ᠴᠢᠯᠠᠭᠤᠨ ᠳᠤ ᠬᠢᠷᠠᠭᠤ ᠴᠠᠪᠴᠠᠶᠢᠬᠤ ᠰᠠᠶᠢᠬᠠᠨ
ᠳᠡᠷᠡᠰᠦ ᠪᠡᠷ ᠳᠡᠭᠡᠷ᠎ᠡ ᠨᠢ ᠰᠢᠯᠦᠭ ᠪᠢᠴᠢᠬᠦ ᠰᠠᠶᠢᠬᠠᠨ
ᠳᠡᠭᠡᠪᠦᠷ ᠳᠡᠪᠢᠬᠦ ᠰᠠᠯᠬᠢᠨ ᠳᠤ ᠰᠡᠳᠬᠢᠯ ᠭᠡᠭᠢᠯᠵᠡᠬᠦ ᠨᠢ ᠰᠠᠶᠢᠬᠠᠨ
ᠳᠡᠨᠳᠠᠭᠤ ᠣᠶᠢᠷ᠎ᠠ ᠶᠢᠨ ᠬᠠᠶᠢᠷ᠎ᠠ ᠠᠴᠠ ᠬᠣᠯᠠ ᠳᠤ ᠪᠠᠶᠢᠬᠤ ᠨᠢ ᠰᠠᠶᠢᠬᠠᠨ

ᠮᠣᠳᠣᠨ ᠤ ᠮᠥᠴᠢᠷ ᠲᠦ ᠰᠢᠪᠠᠭᠤ ᠨᠠᠪᠴᠢᠨ ᠤ ᠣᠷᠣᠨ ᠳᠤ ᠰᠠᠭᠤᠬᠤ ᠰᠠᠶᠢᠬᠠᠨ
ᠮᠣᠩᠭᠣᠯ ᠠᠶᠠᠯᠭᠤ ᠪᠠᠷ ᠵᠢᠷᠭᠡᠬᠦ ᠰᠠᠶᠢᠬᠠᠨ
ᠳᠡᠭᠡᠷ᠎ᠡ ᠲᠥᠷᠥ ᠶᠢᠨ ᠰᠦᠯᠳᠡᠨᠡᠢ ᠨᠠᠷᠠ ᠮᠠᠨᠳᠤᠬᠤ ᠰᠠᠶᠢᠬᠠᠨ
ᠳᠡᠷᠭᠡᠳᠡ ᠠᠯᠲᠠᠨ ᠰᠣᠶᠣᠮᠪᠤᠨ ᠤ ᠭᠠᠯ ᠨᠣᠴᠣᠬᠤ ᠨᠢ ᠰᠠᠶᠢᠬᠠᠨ

ᠬᠡᠨ ᠨᠢᠭᠡᠨ ᠢᠷᠡᠭᠡᠳ ᠳᠠᠭᠤᠯᠠᠬᠤ ᠰᠠᠶᠢᠬᠠᠨ
ᠬᠡᠨ ᠨᠢᠭᠡᠨ ᠣᠳᠣ ᠳᠤ ᠭᠤᠨᠢᠬᠤ ᠰᠠᠶᠢᠬᠠᠨ
ᠡᠷᠭᠢᠬᠦ ᠨᠢᠭᠡᠨ ᠬᠠᠶᠢᠷ᠎ᠠ ᠵᠢᠷᠦᠬᠡᠨ ᠳᠦ ᠬᠥᠭᠵᠢᠮᠳᠡᠬᠦ ᠰᠠᠶᠢᠬᠠᠨ
ᠡᠭᠡᠯᠵᠢᠯᠡᠨ ᠢᠷᠡᠬᠦ ᠴᠠᠭ ᠬᠣᠩᠬᠣ ᠪᠠᠨ ᠴᠤᠬᠢᠬᠤ ᠨᠢ ᠰᠠᠶᠢᠬᠠᠨ

ᠦᠳᠡᠰᠢ ᠶᠢᠨ ᠪᠦᠷᠦᠢ ᠪᠡᠷ ᠢᠷᠡᠬᠦ ᠰᠠᠶᠢᠬᠠᠨ
ᠦᠷ ᠦᠨ ᠭᠡᠭᠡ ᠪᠡᠷ ᠶᠠᠪᠤᠬᠤ ᠰᠠᠶᠢᠬᠠᠨ
ᠥᠩᠭᠡᠲᠦ ᠳᠡᠯᠡᠬᠡᠢ ᠨᠢ ᠤᠶᠠᠷᠠᠨ ᠤᠬᠢᠯᠠᠮᠠᠷ ᠰᠠᠶᠢᠬᠠᠨ
ᠥᠷᠭᠡᠨ ᠬᠣᠷᠸ᠎ᠠ ᠨᠢ ᠳᠠᠭᠤᠯᠠᠨ ᠵᠢᠷᠭᠠᠮᠠᠷ ᠰᠠᠶᠢᠬᠠᠨ

ᠠᠯᠠᠭ ᠨᠢᠳᠦᠨ ᠦ ᠨᠢᠯᠪᠤᠭᠰᠠᠨ ᠳᠤᠰᠤᠯ ᠳᠤ ᠪᠠᠭᠲᠠᠰᠤᠨ
ᠠᠢ ᠮᠢᠨᠦ ᠡᠬᠡ ᠣᠷᠣᠨ ᠤ ᠳᠥᠷᠪᠡᠨ ᠴᠠᠭ
ᠠᠰᠬᠠᠷᠠᠭᠤᠯᠤᠨ ᠮᠡᠯᠲᠡᠯᠵᠡᠭᠦᠯᠦᠨ ᠪᠠᠶᠢᠨ᠎ᠠ ᠤᠤ ᠳ᠋ᠠ᠃
ᠠᠶ᠎ᠠ᠂ ᠬᠥᠭᠡᠷᠦᠬᠦᠢ ᠭᠡᠵᠦ...᠃

1.

Бороо ганц нэг дусах нь сайхан
Борог өвс норсон байх нь сайхан
Хаврын цас гэр лүү урсах нь сайхан
Хаа нэгтэй шувууд ганганах сайхан.

Алтан хараацай дэргэдүүр нисэх сайхан
Аяны хүн манай уяанд буух сайхан
Айлын маань айлд бүсгүй байх сайхан
Айл нүүж ирэх сайхан.

Хангайн бороо гэнэт асгах нь сайхан
Харанхуйн дунд цахилгаан гялбах нь сайхан
Хонон өнжин бороо зүсрэх нь сайхан
Холоос гийчин ирэх сайхан.

Шаргал талын өвс халиурах нь сайхан
Шанхны үзүүрт салхи нь сэвэлзэх сайхан
Сартай шөнө бухал дээр унтах сайхан
Чамайг зүүдлээд газарт ойчих нь сайхан.

Үе үе бороо амcxийх нь сайхан
Өлгөсөн цувнаас ус дуслах нь сайхан
Үүлэн чөлөөнөөс нар гарах нь сайхан
Үүдээр болжморууд нисэн өнгөрөх нь сайхан.

Шөнө дөл хүлэг морь янцгаах сайхан
Шүлэг нойрноос сэрж орчлонг бодох сайхан
Өрхний завсраар гэгээ орох сайхан
Өглөө болох сайхан.

Цайран цайран бороо орох нь сайхан
Цавьдар морьтой хүн наашаа давхих нь сайхан
Борооноос өмнө ирлээ гэж ярих нь сайхан
Боржигон эмээлээ аваад орж ирэх нь сайхан.

Сартай толгодод ингэ гунганах нь сайхан
Шанзны үзүүрт Ай -нан-аа суух сайхан
Шаргал дөл угалзлан гал ноцох нь сайхан
Царай зүс бүдэг бадаг гэрэлтэх нь сайхан.

Хөх лонхон тогоруу дуугaрах сайхан
Хөдөө цайдам борооших сайхан
Анирхан ахуйд цэцэг дохих сайхан
Аадрын өмнөх байдал сайхан.

Тооноор сар гэрэлтэх сайхан
Тогоотой сүүнд тусах сайхан
Шөнө орой гарах сайхан
Чөдөртэй морьд туриглах сайхан.

Шиврэн шиврэн бороо орох нь сайхан
Ширэг зүлэг ногоорох нь сайхан
Зүүн өмнө солонго татах сайхан
Зүс бороо гэрэлтэх сайхан.

Гэгээн борооны усыг тосох сайхан
Гэзэг үсээ хүүхнүүд угаах сайхан
Агь хүмлийн үнэр сэнгэнэх нь сайхан
Аяcxан бодол хол ойрыг санах сайхан.

Үдшийн бүрийгээр ирэх сайхан
Үүрийн гэгээгээр явах сайхан
Өнгөт дэлхий нь уяран уйлмаар сайхан
Өргөн хорвоо нь дуулан жаргамаар сайхан.

Эх нутаг минь шүлэг шиг сайхан
Эх орон минь дуу шиг сайхан
Эргэх дөрвөн цагт амьд явах сайхан
Эрээнцавд бороо орох нь сайхан.

2.

Өглөө босоход цас орсон байх нь сайхан
Өрхний оосор даялахад тооноор цас унах сайхан
Гадаа уул толгод гялбалзах нь сайхан
Ганц нэг өвс салхинд сэвгэнэх нь сайхан

Үдэш орой айлын гэрэл харагдах сайхан
Үрээ морины хөл хөнгөрөх сайхан
Хонох айлд үеийн бүсгүй байх сайхан
Хоточ нохой сарны гэрэлд хуцах сайхан

Тооноор цас будран орох нь сайхан
Тогооны таган дээр унаад хайлах нь сайхан
Гэрийн хойморт аав суух сайхан
Гэрэлтэй үүдээр ээж орж ирэх сайхан

Хөтлийн оройд нар тусах сайхан
Хөсег тэрэг гарч ирэх нь сайхан
Тэрэгний дугуй чахран чухран эргэх нь сайхан
Тэргэн дороос шувуу нисэх сайхан

Тэнгэр будангуйрч судайх нь сайхан
Тэртээ холын юм үзэгдэх үгүйтэй нь сайхан
Салхи эргэж, утаа хуйрагнах нь сайхан
Цас эргэлдэн эргэлдэн малгайлах сайхан

Зуухны галд нозоорон нойр хүрэх нь сайхан
Зуны орой согтов гэж тэрхэн зуур зүүрмэглэх сайхан
Хээ-н... Цай уу! гэх бүдэг бадаг үг дуулдах нь сайхан
Хэн гуайн эгч гараас зөөлөн татах нь сайхан

Цайдам хоолой цайвалзаж цанхиртах сайхан
Цаад уулс гялс гялсхийн харагдах нь сайхан
Цас шуурч тогтоод гялбас гялбасхийх сайхан
Цагаан өдөр мэлтэс мэлтэсхийх сайхан

Одод тодрох нь сарны ойролцоо илүү сайхан
Онгон талд адуу минь байх шиг сайхан
Он цагийн гурван марал бодол зөгнөх сайхан
Ондоо гарагийн хөлөг ирж явах шиг сайхан

Цас орон орон лавсах нь сайхан
Цаг эргэж ирэх сайхан
Царайлагхан чамайгаа, намайг тоогоогүйг тоосоон гэж бодох сайхан
Цаг гэрт цохисоор байх нь сайхан

Тэргэл сартай шөнө гадаа зогсох сайхан
Тэргэн дээр хураасан бараа сүглийх сайхан
Тэртээх хөндий цайвартаж сүүдэртэх нь сайхан
Тийшээ очмооргүй аймаар санагдах нь сайхан

Явган шуурга гадаа исгэрэх сайхан
Яндан юмуу нэг юм, хаа нэгтээ дар дархийх сайхан
Гэнэт гэнэтхэн нүдгүйлэн харанхуйлах нь сайхан
Гэрийн хаяагаар цас хунгарлах нь сайхан

Айлын гэрээс хүмүүс гарцгаах сайхан
Арилсан тэнгэрт шувуу нисэх сайхан
Уул тал руу гүйх сайхан
Улаан хацартай хүүхдүүд тоглох сайхан

Үдшийн бүрийгээр ирэх сайхан
Үүрийн гэгээгээр явах сайхан
Өнгөт дэлхий нь уяран уйлмаар сайхан
Өргөн хорвоо нь дуулан жаргамаар сайхан

Эх нутаг минь шүлэг шиг сайхан
Эх орон минь дуу шиг сайхан
Эргэх дөрвөн цагт амьд явах сайхан
Эрээнцавд цас орох нь сайхан!

3.

Цас хайлж ханзрах сайхан
Цаг ирэх сайхан
Чамайг хүлээх сайхан
Цаг харах сайхан

Шувуу ирээд буух сайхан
Чулуун дээр суугаад нисэх сайхан
Харгуй замаар хүн явах сайхан
Хадан дээр би суух сайхан

Айлын бүсгүй усанд явах сайхан
Арын булаг уруу дурандах сайхан
Цэнхэр зэрэглээ сүүмэлзэх нь сайхан
Цэнхэр дээл чамд зохих нь сайхан

Толгодын орой зэрэглээтэх сайхан
Торгон салхи сэвэлзэх сайхан
Хөх ногооны униар татах сайхан
Хөх мананд нь ороолгон суух сайхан

Амгалан шөнө нойр хулжих сайхан
Алсын чимээ анирлах сайхан
Бүүр түүр холд нэг юм жингэнэх сайхан
Бүүвэй бүүвэй хорвоо сайхан

Хэн нэгэн ирээд явах сайхан
Хэрэг болгож надаас, гал байна уу гэж асуух сайхан
Ертөнцийг аргадах хийгээд, бусдыг бодох сайхан
Юм бүхнийг хайрлах, гол мөрөн урсах хоёр сайхан

Цөн түрж, гол урсах нь сайхан
Цөмөрвөл, би ч бас урсана даа гэж бодох сайхан
Өглөө голын эрэгт, ганцаархнаа сайхан
Орой голын хөвөөнд чамтайгаа сайхан

Хашаа тэргэн дээр шаазгай үглэх сайхан
Хаанаас хэн ирэх нь зөн шиг сайхан
Дөрвөн зүгээс ураг садан ирэх нь сайхан
Дөтийн замаар хань нөхөд ирэх нь сайхан

Цэнхэрлэж нутгийн бараа харагдах нь сайхан
Цэлэлзэж нүдний нулимс гарах сайхан
Дөрөөн дээр өндийгөөд исгэрэн давхих сайхан
Дөрвөн туурайн хооронд шувуу нисэх сайхан

Хаврын өглөө эрт босох сайхан
Хазаар аваад моринд явах сайхан
Сэрүүн цас үнэртэх нь сайхан
Сэмжин мөснөөс хүлхэх нь сайхан

Он он жил хөдөө суух сайхан
Од мэт хөх дан сууцанд амьдрах сайхан
Дээр яваа сансрын хөлөг эргэж ирэх сайхан
Дээврийн цас хайлж янжуурын цог дээр тусах сайхан

Ургамал цэцэг ургаж ногоорох нь сайхан
Утасны мод хөхөрч гандах нь сайхан
Он жилүүд ирэх сайхан
Он жилүүд одох сайхан

Үдшийн бүрийгээр ирэх сайхан
Үүрийн гэгээгээр явах сайхан
Өнгөт дэлхий нь уяран уйлмаар сайхан
Өргөн хорвоо нь дуулан жаргамаар сайхан

Эх нутаг минь шүлэг шиг сайхан
Эх орон минь дуу шиг сайхан
Эргэх дөрвөн цагт амьд явах сайхан
Эрээнцавд гол урсах сайхан

4.

Навч ганц нэг унах нь сайхан
Нар толгодын цаанаас гарах сайхан
Сэв сэв салхи үүсэх сайхан
Сэм сэмхэн хуй босох сайхан

Гол мяралзан урсах нь сайхан
Ганц нэг ялаа долгионд нь суух сайхан
Морины шар хомоол тэрүүхэнд хөвөх сайхан
Модон тэрэгний ганц ялуу урсаж өнгөрөх сайхан

Хол ойрыг санагалзаж уярах сайхан
Хот айлаас хэн нэг нь явахад үг захимаар сайхан
Торолзох барааг харж зогсох сайхан
Торгон алчуур дэрвэх сайхан

Сэмжин цагаан үүл нүүх сайхан
Сэтгэл зүрхэн дундуур хөвөх сайхан
Шивэр авир бороо салхилах сайхан
Шивээн толгой ганхах сайхан

Морьтой хүн давхин одох сайхан
Морин төвергөөн дуулдах сайхан
Тэнгэрийн хаяаг харах сайхан
Тэрэг хөсөгний зам зурайх сайхан

Өмне зүгт шувуу нисэх сайхан
Үүлсийн дунд ганганах сайхан
Наран шаргалтаж тоорогтох сайхан
Навчсын шар шуурга хаялах сайхан

Шаргал бороо нартай орох сайхан
Шанз ятгын утас буйлах нь сайхан
Шаавай төрсөн Хонгорзул эгчирхэх нь сайхан
Шальдар бульдар дуү минь туүнийг санах нь сайхан

Ган жийжүү дөрөө гадаа дуугарах сайхан
Ганган морьтой хүн буух сайхан
Намрын сарын шинийн гурван ирэх сайхан
Намуун үдэш аргын тооны cap гарах сайхан

Хууч яриа нойрон дунд сонсдох сайхан
Хуучин сүмийн тууринд... хэмээн ярилцах нь сайхан
Цонхоор cap тусах шөнө үлгэр ярих сайхан
Цоороо аваад дуултал чөтгөр уярчээ гэх сайхан

Cap орой болж хүйтрэх нь сайхан
Салхинд одод зүлгэгдэх нь сайхан
Өдөр шөнө тэнцэх нь хорин хоёрон болох сайхан
Хүлэг хүн хоёр адилхан цаг унтах сайхан

Дэлхийн чулуунд хяруу цавцайх сайхан
Дэрсээр дээр нь шүлэг бичих сайхан
Дээвэр дэвэх салхинд сэтгэл гэгэлзэх нь сайхан
Дэндуу ойрын хайраас холд байх нь сайхан

Модны мөчирт шувуу навчны оронд суух сайхан
Монгол аялгуугаар жиргэх сайхан
Дээр төрийн сүлдний нар мандах сайхан
Дэргэд алтан соёмбоны гал ноцох нь сайхан

Хэн нэгэн ирээд дуулах сайхан
Хэн нэгэн одоод гуних сайхан
Эргэх нэгэн хайр зүрхэнд хөгжимдөх сайхан
Ээлжлэн ирэх цаг хонхоо цохих нь сайхан

Үдшийн бүрийгээр ирэх сайхан
Үүрийн гэгээгээр явах сайхан
Өнгөт дэлхий нь уяран уйлмаар сайхан
Өргөн хорвоо нь дуулан жаргамаар сайхан

Алаг нүдний нулимсан дусалд багтсан
Ай миний эх орны дөрвөн цаг
Асгаруулан мэлтэлзүүлэн байна уу даа.
Аяа, хөөрхий гэж....
1979. Эрээнцав

No comments:

Post a Comment