Босоо бичгээрээ тэмдэглэлээ хөтөлье

Монгол бичгийн блогийн загвар татах хувилбар 1.1

Гадаад үг бичихэд баримтлах журам

Sep 12, 2014

ᠭᠠᠳᠠᠭᠠᠳᠤ ᠦᠭᠡ ᠪᠢᠴᠢᠬᠦ ᠳᠦ ᠪᠠᠷᠢᠮᠲᠠᠯᠠᠬᠤ ᠵᠢᠷᠤᠮ

ᠶᠠᠮᠠᠷ ᠴᠤ ᠤᠯᠤᠰ ᠤᠨ ᠪᠢᠴᠢᠭ ᠲᠦ ᠪᠠᠶᠢᠳᠠᠭ ᠮᠠᠷᠭᠤᠭᠠᠨ ᠲᠠᠢ ᠠᠰᠠᠭᠤᠳᠠᠯ ᠤᠨ ᠨᠢᠭᠡ ᠪᠣᠯ ᠭᠠᠳᠠᠭᠠᠳᠤ ᠦᠭᠡ ᠶᠢ ᠬᠡᠷᠬᠢᠨ ᠪᠢᠴᠢᠬᠦ ᠲᠤᠬᠠᠢ ᠪᠠᠢᠳᠠᠭ᠃ ᠮᠣᠩᠭᠤᠯ ᠤᠯᠤᠰ ᠤᠨ ᠬᠤᠪᠢ ᠳᠤ ᠶᠡᠷᠦᠩᠬᠡᠶ ᠳᠡᠭᠡᠨ ᠻᠢᠷᠢᠯ ᠪᠢᠴᠢᠭ ᠢᠶᠡᠷ ᠪᠢᠴᠢᠳᠡᠭ ᠲᠡᠢ ᠶᠠᠭ ᠢᠵᠢᠯ ᠢᠶᠡᠷ ᠪᠢᠴᠢᠵᠦ ᠪᠠᠶᠢᠭ᠎ᠠ ᠪᠥᠭᠡᠳ ᠵᠥᠪᠬᠡᠨ ᠶᠠᠭ ᠲᠠᠭ ᠦᠰᠦᠭᠴᠢᠯᠡᠵᠦ ᠪᠢᠴᠢᠳᠡᠭ ᠳᠦᠷᠢᠮ ᠲᠡᠢ᠂ ᠪᠦᠷ ᠣᠯᠠᠨ ᠵᠠᠭᠤᠨ ᠵᠢᠯ ᠡᠨᠡ ᠳᠦᠷᠢᠮ ᠢ ᠮᠥᠷᠳᠡᠵᠦ ᠢᠷᠡᠭᠰᠡᠨ ᠭᠡᠵᠦ ᠬᠤᠳᠠᠯ ᠶᠠᠷᠢᠳᠠᠭ᠃ ᠮᠣᠩᠭᠤᠯ ᠤᠯᠤᠰ ᠲᠤ ᠬᠡᠪᠯᠡᠭᠰᠡᠨ ᠬᠠᠷᠢ ᠦᠭᠡ ᠶᠢᠨ ᠲᠣᠯᠢ ᠶᠢ ᠦᠵᠡᠬᠦ ᠳᠦ ᠮᠣᠩᠭᠤᠯ ᠪᠢᠴᠢᠭ ᠲᠦ ᠳᠠᠩ ᠭᠠᠭᠴᠠ ᠪᠢᠴᠢᠯᠭᠡ ᠪᠠᠷᠢᠮᠲᠠᠯᠠᠵᠤ ᠪᠠᠶᠢᠭᠠᠳᠤᠢ ᠪᠥᠭᠡᠳ ᠲᠤᠬᠠᠢ ᠶᠢᠨ ᠬᠡᠯᠡ ᠪᠡᠷ ᠳᠠᠭᠤᠳᠠᠳᠠᠭ ᠵᠠᠷᠴᠢᠮ᠂ ᠮᠣᠩᠭᠤᠯ ᠬᠡᠯᠡᠨ ᠳᠦ ᠲᠣᠬᠢᠷᠠᠭᠤᠯᠵᠤ ᠥᠭᠡᠷᠡᠴᠢᠯᠡᠨ ᠪᠢᠴᠢᠬᠦ ᠵᠠᠷᠴᠢᠮ ᠢ ᠨᠡᠯᠢᠶᠡᠳ ᠪᠠᠷᠢᠮᠲᠠᠯᠠᠳᠠᠭ ᠪᠠᠶᠢᠭᠰᠠᠨ ᠢ ᠪᠡᠯᠡᠬᠡᠨ᠎ᠡ ᠬᠠᠷᠠᠬᠤ ᠪᠣᠯᠤᠮᠵᠢᠲᠠᠢ ᠪᠠᠶᠢᠳᠠᠭ ᠶᠤᠮ᠃

ᠮᠢᠨᠦ ᠬᠤᠪᠢ ᠳᠤ ᠶᠡᠷᠦᠩᠬᠡᠶ ᠳᠡᠭᠡᠨ ᠴᠣᠶᠢ᠊᠂ ᠯᠤᠪᠰᠠᠩᠵᠠᠪ ᠭᠤᠸᠠᠢ ᠶᠢᠨ ᠳᠦᠷᠢᠮ ᠢ ᠪᠠᠷᠢᠮᠲᠠᠯᠠᠳᠠᠭ᠃ ᠢᠩᠭᠢᠭᠡᠳ ᠲᠡᠭᠦᠨ ᠦ 《ᠮᠣᠩᠭᠤᠯ ᠪᠢᠴᠢᠭ ᠦᠨ ᠬᠠᠳᠠᠮᠠᠯ ᠲᠣᠯᠢ》  ᠳᠠᠭᠠᠨ ᠥᠭᠦᠯᠡᠭᠰᠡᠨ ᠭᠠᠳᠠᠭᠠᠳᠤ ᠤᠯᠤᠰ᠂ ᠨᠡᠶᠢᠰᠯᠡᠯ ᠦᠨ ᠨᠡᠷ᠎ᠡ ᠶᠢ ᠪᠢᠴᠢᠬᠦ ᠵᠢᠷᠤᠮ ᠢ ᠡᠨᠳᠡ ᠣᠷᠤᠭᠤᠯᠤᠯ᠎ᠠ᠃ ᠬᠠᠷᠢᠨ ᠥᠪᠦᠷ ᠮᠣᠩᠭᠤᠯ ᠳᠤ ᠥᠭᠡᠷ᠎ᠡ ᠵᠢᠷᠤᠮ ᠪᠠᠷᠢᠮᠲᠠᠯᠠᠳᠠᠭ ᠪᠠᠶᠢᠵᠤ ᠮᠠᠭᠠᠳ ᠦᠭᠡᠢ ᠶᠤᠮ᠃ ᠲᠡᠶᠢᠮᠦ ᠠᠪᠠᠰᠤ ᠥᠪᠥᠷ ᠮᠣᠩᠭᠤᠯ ᠨᠥᠭᠦᠳ ᠮᠥᠨ ᠲᠠᠯᠴᠢᠷ ᠲᠤ ᠲᠠᠯᠪᠢᠪᠠᠯ ᠲᠠᠯᠠᠷᠬᠠᠬᠠᠤ ᠪᠣᠯᠤᠨ᠎ᠠ᠃

ᠭᠠᠳᠠᠭᠠᠳᠤ ᠤᠯᠤᠰ᠂ ᠨᠡᠶᠢᠰᠯᠡᠯ ᠦᠨ ᠨᠡᠷ᠎ᠡ

ᠣᠷᠤᠰ ᠦᠰᠦᠭ ᠢ ᠦᠨᠳᠦᠰᠦᠯᠡᠭᠰᠡᠨ 《ᠰᠢᠨ᠎ᠡ》 ᠦᠰᠦᠭ ᠦᠨ ᠳᠦᠷᠢᠮ ᠳᠦ ᠭᠠᠳᠠᠭᠠᠳᠤ ᠦᠭᠡ ᠪᠦᠷᠢ ᠶᠢ ᠭᠠᠭᠴᠠᠬᠦ ᠣᠷᠤᠰ ᠬᠡᠯᠡᠨ ᠳᠦ ᠪᠢᠴᠢᠳᠡᠭ ᠢᠶᠡᠷ ᠯᠡ ᠪᠢᠴᠢ ᠬᠡᠮᠡᠨ 50 ᠵᠢᠯ ᠠᠯᠪᠠᠳᠠᠨ ᠳᠦᠷᠢᠮᠯᠡᠭᠦᠯᠦᠭᠰᠡᠨ ᠪᠢᠯᠡ᠃ ᠣᠳᠤ ᠣᠷᠤᠰ ᠤᠯᠤᠰ ᠠᠴᠠ ᠥᠭᠡᠷ᠎ᠡ ᠣᠯᠠᠨ ᠤᠯᠤᠰ ᠲᠠᠢ ᠬᠠᠷᠢᠯᠴᠠᠨ᠂ ᠯᠠᠲ᠋ᠢᠨ ᠵᠡᠷᠭᠡ ᠪᠡᠷ ᠪᠢᠴᠢᠭᠰᠡᠨ ᠤᠯᠤᠰ᠂ ᠬᠣᠲᠠ ᠶᠢᠨ ᠨᠡᠷ᠎ᠡ ᠲᠡᠢ ᠦᠯᠡᠮᠵᠢ ᠲᠣᠬᠢᠶᠠᠯᠳᠤᠳᠠᠭ ᠪᠣᠯᠤᠭᠰᠠᠨ ᠦᠶ᠎ᠡ ᠳᠦ ᠭᠠᠳᠠᠭᠠᠳᠤ ᠦᠭᠡ ᠪᠢᠴᠢᠬᠦ ᠳᠦ ᠡᠨᠡ ᠲᠣᠯᠢ ᠳᠤ ᠪᠠᠷᠢᠮᠲᠠᠯᠠᠭᠰᠠᠨ ᠵᠢᠷᠤᠮ ᠠᠴᠠ ᠵᠠᠷᠢᠮ ᠢ ᠲᠣᠪᠴᠢ ᠥᠭᠦᠯᠡᠪᠡᠰᠦ᠄

  • (1) ᠤᠭ ᠦᠨᠳᠦᠰᠦᠲᠡᠨ ᠦ ᠥᠪᠡᠷ ᠦᠨ ᠨᠢ ᠬᠡᠯᠡᠳᠡᠭ᠂ ᠪᠢᠴᠢᠳᠡᠭ ᠵᠢᠷᠤᠮ
  • (2) ᠲᠤᠬᠠᠶ ᠶᠢᠨ ᠨᠡᠷ᠎ᠡ ᠶᠢ ᠠᠩᠭᠯᠢ᠂ ᠹᠷᠠᠨ᠋ᠼᠠ᠂ ᠭᠧᠷᠮᠠᠨ ᠵᠡᠷᠭᠡ ᠬᠡᠯᠡ ᠪᠡᠷ ᠪᠢᠴᠢᠳᠡᠭ᠂ ᠳᠠᠭᠤᠳᠠᠳᠠᠭ ᠵᠢᠷᠤᠮ
  • (3) ᠲᠤᠬᠠᠢ ᠶᠢᠨ ᠨᠡᠷ᠎ᠡ ᠶᠢᠨ ᠮᠣᠩᠭᠤᠯ ᠢᠶᠠᠷ ᠪᠢᠴᠢᠬᠦ ᠳᠠᠭᠤᠳᠠᠬᠤ ᠡᠪ ᠵᠣᠬᠢᠰ ᠤᠨ ᠪᠠᠶᠢᠳᠠᠯ
  • (4) ᠶᠡᠬᠡᠪᠴᠢᠯᠡᠨ ᠲᠤᠬᠠᠢ ᠶᠢᠨ ᠦᠭᠡ ᠶᠢ ᠦᠰᠦᠭᠴᠢᠯᠡᠰᠬᠢᠨ ᠪᠢᠴᠢᠭᠰᠡᠨ ᠪᠣᠯᠪᠠᠴᠤ ᠮᠣᠩᠭᠤᠯ ᠢᠶᠠᠷ ᠳᠠᠭᠤᠳᠠᠬᠤ ᠳᠤ ᠪᠡᠷᠬᠡᠪᠲᠦᠷ ᠵᠠᠷᠢᠮ ᠭᠠᠳᠠᠭᠠᠳᠤ ᠦᠭᠡ ᠶᠢ ᠪᠢᠴᠢᠬᠠᠨ ᠬᠢᠯᠪᠠᠷᠴᠢᠯᠠᠪᠠ᠃
  • (5) ᠵᠠᠷᠢᠮ ᠦᠶ᠎ᠡ ᠳᠦ ᠣᠯᠠᠨ ᠡᠭᠡᠰᠢᠭ ᠨᠢᠭᠡᠨ ᠳᠣᠣᠷ᠎ᠠ ᠣᠷᠤᠭᠰᠠᠨ ᠭᠠᠵᠠᠷ 《᠊ᠦ᠋᠊》 ᠪᠠᠶᠢᠪᠠᠯ ᠭᠤᠸᠠᠢ ᠭᠡᠳᠡᠭ ᠦᠨ 《ᠸ᠊》 ᠰᠢᠭ ᠪᠤᠶᠤ 《ᠵ》 ᠪᠠᠶᠢᠪᠠᠰᠤ 《ᠶᠠ᠊》 ᠪᠠᠷ ᠲᠤᠰ ᠲᠤᠰ ᠬᠠᠯᠬᠠᠯᠠᠪᠠ᠃ ᠵᠢᠱᠢᠶ᠎ᠡ ᠢᠨᠦ
    Vanuatu ᠸᠠᠨᠦ᠋ᠸᠠᠲ᠋᠋ᠤ
    Santiago ᠰᠠᠨ᠋ᠲ᠋᠋ᠢᠶᠠᠭᠣ᠋
    Honiara ᠾᠣᠨᠢᠶᠠᠷᠠ ᠭᠡᠬᠦ ᠮᠡᠲᠦ᠃
  • (6) 《ai》 ᠣᠷᠤᠭᠰᠠᠨ ᠢ 《ᠠᠶᠢᠮᠠᠭ》 ᠭᠡᠳᠡᠭ ᠦᠨ 《ᠵᠢ᠊》 ᠪᠡᠷ᠂ 《ᠵᠠ᠊》 ᠲᠡᠭᠦᠰᠬᠡᠯ ᠢ 《ᠵᠶ᠎ᠠ》 ᠭᠡᠬᠦ ᠮᠡᠲᠦ ᠪᠡᠷ ᠪᠢᠴᠢᠪᠡ᠃ ᠵᠢᠱᠢᠶ᠎ᠡ ᠨᠢ
    Saint ᠰᠠᠶᠢᠨ᠋᠋ᠲ
    Tunisia ᠲᠦᠨᠢᠰᠢᠶᠠᠠ
  • (7) ᠯᠠᠲ᠋ᠢᠨ ᠤ 《u》 ᠶᠢ ᠦᠭᠡ ᠶᠢᠨ ᠳᠤᠮᠳᠠ 《᠊ᠦ᠋᠊》 ᠬᠡᠮᠡᠨ ᠪᠢᠴᠢᠵᠦ᠂ ᠦᠭᠡ ᠶᠢᠨ ᠠᠳᠠᠭ ᠲᠤ ᠮᠣᠩᠭᠤᠯ ᠠᠪᠢᠶᠠᠨ ᠤ ᠡᠭᠦᠳᠡᠨ ᠡᠴᠡ ᠡᠷ᠎ᠡ ᠡᠭᠡᠰᠢᠭ ᠢᠶᠡᠷ ᠳᠠᠭᠤᠳᠠᠮᠠᠷ ᠦᠶ᠎ᠡ ᠳᠦ 《᠊ᠤ》 ᠬᠡᠮᠡᠨ᠂ ᠡᠮ᠎ᠡ ᠡᠭᠡᠰᠢᠭ ᠢᠶᠡᠷ ᠳᠠᠭᠤᠳᠠᠮᠠᠷ ᠪᠣᠯ 《᠊ᠦ᠋》 ᠬᠡᠮᠡᠨ ᠪᠢᠴᠢᠪᠡ᠃ 《o》 ᠡᠭᠡᠰᠢᠭ ᠢ ᠢᠮᠠᠭᠲᠠ 《᠊ᠣ᠊》 ᠪᠠᠷ ᠪᠢᠴᠢᠪᠡ᠃
  • (8) ᠵᠠᠷᠢᠮ ᠦᠭᠡ ᠶᠢᠨ ᠪᠢᠴᠢᠯᠭᠡ ᠶᠢ ᠣᠷᠤᠰ ᠪᠢᠴᠢᠭ ᠢᠶᠡᠷ ᠳᠠᠮᠵᠢᠨ ᠣᠷᠤᠭᠰᠠᠨ ᠤᠯᠠᠮᠵᠢᠯᠠᠯᠲᠤ ᠪᠢᠴᠢᠯᠭᠡ ᠪᠡᠷ ᠪᠢᠴᠢᠪᠡ᠃

No comments:

Post a Comment