Босоо бичгээрээ тэмдэглэлээ хөтөлье

Монгол бичгийн блогийн загвар татах хувилбар 1.1

Монголын нууц товчооноос

Apr 21, 2013 No comments:

ᠮᠣᠩᠭᠤᠯ ᠤᠨ ᠨᠢᠭᠤᠴᠠ ᠲᠣᠪᠴᠢᠶᠠᠨ

᠒᠐᠐᠃ ᠨᠠᠶᠮᠠᠨ ᠤ ᠮᠡᠷᠭᠢᠳ ᠢ ᠡᠵᠡᠯᠡᠵᠦ ᠳᠠᠭᠤᠰᠪᠠᠰᠤ᠂ ᠨᠠᠶᠮᠠᠨ ᠯᠤᠭᠠᠠ ᠬᠠᠮᠲᠤ ᠪᠠᠶᠢᠭᠰᠠᠨ ᠵᠠᠮᠤᠬᠠᠠ᠂ ᠤᠯᠤᠰ ᠢᠶᠠᠨ ᠠᠯᠳᠠᠵᠤ᠂ ᠲᠠᠪᠤᠨ ᠨᠥᠬᠦᠷ ᠲᠡᠶ ᠲᠡᠨᠦᠭᠦᠴᠢᠯᠡᠵᠦ ᠶᠠᠪᠤᠭᠠᠳ ᠲᠠᠩᠯᠤ (ᠲᠠᠩᠨᠤ) ᠠᠭᠤᠯᠠᠨ ᠳᠤ ᠭᠠᠷᠴᠤ ᠨᠢᠭᠡᠨ ᠤᠭᠠᠯᠵᠠ ᠠᠯᠠᠵᠤ ᠰᠢᠷᠠᠵᠤ ᠢᠳᠡᠵᠦ ᠪᠠᠶᠢᠭᠠᠳ ᠵᠠᠮᠤᠬᠠᠠ᠂ ᠨᠥᠭᠦᠳ ᠲᠡᠭᠡᠨ ᠬᠡᠯᠡᠭᠰᠡᠨ ᠨᠢ᠄ 《ᠬᠡᠨ ᠦ ᠬᠥᠪᠡᠭᠦᠳ ᠡᠨᠡ ᠡᠳᠦᠷ ᠤᠭᠠᠯᠵᠠ ᠠᠯᠠᠵᠤ ᠢᠩᠭᠢᠵᠦ ᠢᠳᠡᠵᠦ ᠪᠠᠶᠢᠨᠠᠠ⁈》 ᠬᠡᠮᠡᠭᠡᠳ ᠲᠡᠷᠡ ᠤᠭᠠᠯᠵᠠ ᠶᠢᠨ ᠮᠢᠬᠠᠠ ᠶᠢ ᠢᠳᠡᠨ ᠪᠦᠬᠦᠶ ᠵᠠᠪᠰᠠᠷᠠᠠ ᠲᠠᠪᠤᠨ ᠨᠥᠬᠦᠷ ᠢᠨᠦ ᠵᠠᠮᠤᠬᠠᠠ ᠶᠢ ᠭᠠᠷᠳᠠᠨ ᠪᠠᠷᠢᠵᠤ ᠴᠢᠩᠭᠢᠰ ᠬᠠᠭᠠᠨ ᠳᠤ ᠠᠪᠴᠢᠷᠠᠵᠤᠬᠤᠶ᠃ ᠵᠠᠮᠤᠬᠠᠠ᠂ ᠨᠥᠬᠦᠳ ᠲᠡᠭᠡᠨ ᠪᠠᠷᠢᠭᠳᠠᠵᠤ ᠢᠷᠡᠭᠡᠳ ᠴᠢᠩᠭᠢᠰ ᠬᠠᠭᠠᠨ ᠳᠤ ᠬᠡᠯᠡᠭᠦᠯᠦᠭᠰᠡᠨ ᠢᠨᠦ᠄

《ᠬᠠᠷᠠᠠ ᠬᠡᠷᠢᠶᠡᠡ
ᠬᠠᠯᠳᠠᠷ ᠨᠤᠭᠤᠰᠤ ᠶᠢ
ᠪᠠᠷᠢᠬᠤ ᠪᠣᠯᠪᠠ᠃
ᠬᠠᠷᠠᠴᠤ ᠪᠣᠭᠤᠯ
ᠬᠠᠨ ᠡᠵᠡᠨ ᠳᠡᠭᠡᠨ
ᠬᠠᠯᠳᠠᠬᠤ ᠪᠣᠯᠪᠠ᠃
ᠬᠠᠭᠠᠨ ᠠᠨᠳᠠ ᠮᠢᠨᠢ
ᠬᠠᠶᠢᠷᠠᠯᠠᠵᠤ ᠥᠷᠦᠰᠢᠶᠡᠡ᠃
ᠪᠣᠷᠤ ᠡᠯᠢᠶᠡᠡ
ᠪᠣᠷᠤᠯᠠᠭ ᠨᠤᠭᠤᠰᠤ ᠶᠢ
ᠪᠠᠷᠢᠬᠤ ᠪᠣᠯᠪᠠ᠃
ᠪᠣᠭᠤᠯ ᠵᠠᠷᠤᠴᠠ
ᠪᠣᠳᠠᠳᠤ ᠡᠵᠡᠨ ᠳᠡᠭᠡᠨ
ᠪᠣᠰᠴᠤ ᠬᠠᠯᠳᠠᠪᠠ᠃
ᠪᠣᠭᠳᠠ ᠠᠨᠳᠠ ᠮᠢᠨᠢ
ᠪᠣᠳᠤᠵᠤ ᠦᠵᠡ》 ᠭᠡᠵᠡᠶ᠃

ᠵᠠᠮᠤᠬᠠᠠ ᠶᠢᠨ ᠲᠡᠷᠡ ᠦᠭᠡ ᠳᠦ ᠴᠢᠩᠭᠢᠰ ᠬᠠᠭᠠᠨ ᠵᠠᠷᠯᠢᠭ ᠪᠣᠯᠤᠷᠤᠨ᠄ 《ᠬᠠᠭᠠᠨ ᠡᠵᠡᠨ ᠳᠡᠭᠡᠨ ᠬᠠᠯᠳᠠᠭᠰᠠᠨ ᠬᠦᠮᠦᠨ ᠢ ᠶᠠᠭᠠᠬᠢᠵᠤ ᠣᠷᠬᠢᠬᠤ ᠪᠤᠶ⁈ ᠲᠡᠶᠢᠮᠦ ᠬᠦᠮᠦᠨ ᠬᠡᠨ ᠲᠡᠶ ᠨᠥᠬᠦᠷᠯᠡᠬᠦ ᠪᠤᠶ⁈ ᠬᠠᠭᠠᠨ ᠡᠵᠡᠨ ᠳᠡᠭᠡᠨ ᠬᠠᠯᠳᠠᠭᠰᠠᠨ ᠬᠠᠷᠠᠴᠤ ᠠᠷᠠᠳ ᠢ ᠤᠷᠤᠭ ᠲᠥᠷᠦᠯ ᠢ ᠨᠢ ᠬᠦᠷᠲᠡᠯᠡᠡ ᠤᠰᠠᠳᠬᠠᠠ 》 ᠬᠡᠮᠡᠨ ᠵᠠᠷᠯᠢᠭ ᠪᠣᠯᠪᠠ᠃ ᠴᠢᠩᠭᠢᠭᠡᠳ ᠵᠠᠮᠤᠬᠠᠠ ᠶᠢᠨ ᠨᠢᠳᠦᠨ ᠦ ᠡᠮᠦᠨᠡᠡ ᠲᠡᠭᠦᠨ ᠳᠦ ᠬᠠᠯᠳᠠᠭᠰᠠᠨ ᠠᠷᠠᠳ ᠢ ᠠᠯᠠᠪᠠ᠃ ᠴᠢᠩᠭᠢᠰ ᠬᠠᠭᠠᠨ᠂ ᠵᠠᠮᠤᠬᠠᠠ ᠳᠤ ᠬᠡᠯᠡ ᠭᠡᠵᠦ ᠵᠠᠷᠯᠢᠭ ᠪᠣᠯᠤᠭᠰᠠᠨ ᠠᠨᠤ᠄

《ᠣᠳᠤ ᠪᠢᠳᠡ ᠬᠣᠶᠠᠭᠤᠯᠠ
ᠣᠶᠢᠷᠠᠳᠤᠵᠤ ᠪᠠᠰᠠ ᠨᠥᠬᠦᠷᠯᠡᠶᠡᠡ᠃
ᠥᠨᠦ ᠪᠣᠯᠬᠤ ᠳᠤ ᠴᠢ
ᠥᠷᠦᠭᠡᠰᠦᠨ ᠠᠷᠠᠯ ᠪᠣᠯᠤᠭᠠᠳ
ᠥᠭᠡᠷᠡᠡ ᠰᠠᠨᠠᠭᠠᠠ ᠠᠭᠤᠯᠬᠤ ᠦᠭᠡᠶ ᠪᠤᠶ ᠵᠠᠠ᠃
ᠬᠠᠮᠲᠤ ᠬᠣᠶᠠᠭᠤᠯᠠ ᠨᠡᠶᠢᠯᠡᠵᠦ
ᠬᠠᠷᠢᠯᠴᠠᠨ ᠨᠠᠶᠢᠷᠠᠮᠳᠠᠵᠤ
ᠤᠮᠠᠷᠳᠠᠭᠰᠠᠨ ᠢᠶᠠᠨ ᠰᠠᠨᠠᠭᠤᠯᠵᠤ
ᠤᠨᠳᠠᠭᠰᠠᠨ ᠢᠶᠠᠨ ᠰᠡᠷᠢᠭᠦᠯᠵᠦ ᠶᠠᠪᠤᠶᠠᠠ᠃
ᠥᠭᠡᠷᠡᠡ ᠵᠠᠮ ᠢᠶᠠᠷ
ᠶᠠᠪᠤᠭᠰᠠᠨ ᠪᠣᠯᠪᠠᠴᠤ
ᠥᠯᠵᠡᠶᠢᠲᠦ ᠰᠠᠶᠢᠨ ᠨᠥᠭᠦᠷ ᠮᠢᠨᠢ
ᠮᠥᠨ ᠪᠢᠯᠡ ᠴᠢ᠃
ᠥᠰᠢᠯᠳᠦᠨ ᠪᠠᠶᠢᠯᠳᠤᠬᠤ
ᠡᠳᠦᠷ ᠪᠣᠯᠬᠤ ᠳᠤ
ᠥᠷᠦ ᠵᠢᠷᠦᠭᠡ ᠪᠡᠨ
ᠡᠪᠡᠳᠳᠡᠭ ᠪᠢᠯᠡ ᠴᠢ᠃
ᠠᠩᠭᠢᠳᠠ ᠵᠠᠮ ᠢᠶᠠᠷ
ᠶᠠᠪᠤᠭᠰᠠᠨ ᠪᠣᠯᠪᠠᠴᠤ
ᠠᠨᠳᠠ ᠰᠠᠶᠢᠨ ᠨᠥᠭᠦᠷ ᠮᠢᠨᠢ
ᠮᠥᠨ ᠪᠢᠯᠡ ᠴᠢ᠃
ᠤᠯᠠᠶᠢᠰᠢᠷᠠᠨ ᠪᠠᠶᠢᠯᠳᠤᠬᠤ
ᠡᠳᠦᠷ ᠪᠣᠯᠬᠤ ᠳᠤ
ᠠᠭᠤᠰᠬᠢ ᠵᠢᠷᠦᠭᠡ ᠪᠡᠨ
ᠡᠪᠡᠳᠳᠡᠭ ᠪᠢᠯᠡ ᠴᠢ᠃
ᠬᠡᠳᠦᠨ ᠵᠢᠱᠢᠶᠡᠡ ᠶᠢ ᠬᠡᠯᠡᠪᠡᠰᠦ᠄
ᠬᠡᠷᠡᠶᠢᠳ ᠤᠯᠤᠰ ᠲᠠᠶ ᠪᠢᠳᠡ
ᠬᠠᠷᠠᠬᠠᠯᠵᠠᠨ ᠡᠯᠢᠶᠡᠲᠦ ᠳᠦ
ᠬᠠᠳᠬᠤᠯᠳᠤᠬᠤ ᠴᠠᠭ ᠪᠣᠯᠬᠤ ᠳᠤ
ᠲᠣᠭᠤᠷᠢᠯ ᠬᠠᠨ ᠤ ᠰᠠᠨᠠᠭᠠᠠ ᠶᠢ
ᠲᠣᠳᠤᠷᠠᠭᠤᠯᠵᠤ ᠪᠢᠳᠡᠨ ᠳᠦ ᠬᠡᠯᠡᠭᠡᠳ
ᠲᠤᠩ ᠶᠡᠬᠡ ᠲᠤᠰᠠᠯᠠᠪᠠ᠃
ᠪᠠᠰᠠ ᠨᠠᠶᠮᠠᠨ ᠤᠯᠤᠰ ᠢ
ᠦᠭᠡ ᠪᠡᠷ ᠦᠭᠦᠳᠡᠯᠡᠡ ᠰᠦᠷᠳᠡᠭᠦᠯᠵᠦ
ᠠᠮᠠ ᠪᠠᠷ ᠠᠶᠤᠳᠠᠯᠠᠠ ᠰᠠᠨᠳᠤᠷᠭᠠᠵᠤ
ᠠᠯᠢᠪᠠ ᠪᠠᠶᠢᠳᠠᠯ ᠢ ᠮᠡᠳᠡᠭᠳᠡᠵᠦ
ᠠᠴᠢ ᠲᠤᠰᠠ ᠬᠦᠷᠭᠡᠭᠰᠡᠨ ᠪᠢᠯᠡ᠃》 ᠭᠡᠵᠦ ᠬᠡᠯᠡᠭᠦᠯᠵᠡᠶ᠃

《ᠮᠣᠩᠭᠤᠯ ᠤᠨ ᠨᠢᠭᠤᠴᠠ ᠲᠣᠪᠴᠢᠶᠠᠨ》 ᠡᠴᠡ

Цааш унших