Босоо бичгээрээ тэмдэглэлээ хөтөлье

Монгол бичгийн блогийн загвар татах хувилбар 1.1

Хувилбар сонгогч ашиглах, анхаарах зүйлс

Sep 25, 2014

Доорх жишээнд Word дээр Сүрэнхүү гэдэг үгийн "хүү"-ийн эхний "ү"-г шилбэтэй гаргахын тулд хувилбар сонгогч 1-ийг ашигладаг. Гэтэл интернэт хөтөч дээр шилбэ нь гардаггүй. Иймээс хувилбар сонгогч 1 ийг дахин бичиж өгнө. Өөрөөр хэлбэл хөтөч дээр гаргах монгол бичгийн техтэд ХС1, ХС2, ХС3-г хэрэглэх тохиолдолд давхар оруулж өгнө. Одоогоор хөтчүүд дээр үүнээс өөр ноцтой алдаа илрээгүй байна!

ᠰᠢᠪᠠᠭᠤᠨ ᠰᠠᠷᠠᠯ

ᠳᠠ᠊᠂ ᠨᠠᠴᠤᠭᠳᠣᠷᠵᠢ

ᠨᠢᠭᠡ᠂

ᠬᠦᠨᠳᠡᠢ ᠲᠠᠯᠠᠠ ᠶᠢᠨ ᠵᠡᠷᠬᠡᠯᠭᠡᠨ ᠮᠢᠷᠠᠯᠵᠠᠨ ᠵᠢᠷᠪᠢᠭᠢᠨᠡᠬᠦ ᠢᠨᠤ ᠬᠣᠯᠠ ᠠᠴᠠ ᠦᠵᠡᠬᠦ ᠳᠦ ᠰᠣᠨᠢᠨ᠂ ᠬᠡᠳᠦᠨ ᠵᠢᠵᠢᠭᠬᠢᠨ ᠶᠠᠭᠤᠮᠠᠠ ᠳᠡᠭᠦᠨ ᠦ ᠳᠣᠮᠳᠠ ᠰᠦᠮᠡᠯᠵᠡᠬᠦ ᠢᠨᠦ ᠶᠠᠭᠠᠬᠢᠨ ᠳᠠᠷᠤᠢ ᠳᠠᠨᠢᠭᠳᠠᠨ᠋᠎ᠠ᠃ ᠠᠭᠤᠲᠠᠮ ᠭᠠᠵᠠᠷ ᠳᠤᠷ᠎ᠠ ᠪᠠᠨ ᠰᠡᠯᠬᠦᠴᠠᠬᠦ ᠭᠡᠬᠡᠷ᠎ᠡ ᠬᠥᠳᠡᠭᠡ ᠢᠨ ᠴᠡᠩᠭᠡᠯ᠂ ᠬᠤᠷᠳᠤᠨ ᠮᠣᠷᠢᠨ ᠤ ᠢᠷᠠᠯᠵᠠᠨ ᠢᠷᠡᠬᠦ ᠡᠷ᠎ᠡ ᠬᠦᠮᠦᠨ ᠦ ᠪᠠᠬᠠᠳᠤᠯ᠂ ᠣᠢᠢᠷᠠᠳᠤᠨ ᠦᠵᠡᠪᠡᠯ ᠬᠡᠳᠦᠨ ᠵᠠᠯᠠᠭᠤᠰ ᠮᠣᠷᠢ ᠲᠠᠷᠯᠠᠵᠤ ᠪᠠᠢᠢᠨ᠎ᠠ᠃

ᠬᠣᠶᠠᠷ᠂

ᠰᠦᠷᠦᠩᠬᠦ᠋᠋ᠦ ᠰᠠᠷᠠᠯ ᠮᠣᠷᠢᠨ ᠤ ᠠᠮᠠ ᠢᠢ ᠠᠷᠠᠢᠢᠬᠠᠨ ᠲᠣᠭᠲᠠᠭᠠᠵᠤ᠂ ᠣᠪᠤᠭᠠᠨ ᠤ ᠳᠡᠷᠭᠡᠳᠡ ᠪᠠᠭᠤᠨ᠂ ᠬᠥᠯᠥᠰᠦ ᠢᠢ ᠢᠨᠤ ᠬᠤᠰᠤᠭᠠᠳ᠂ ᠲᠠᠮᠠᠬᠢ ᠲᠠᠳᠠᠨ ᠪᠠᠢᠢᠬᠤ ᠪᠦᠭᠡᠳ ᠲᠠᠰᠢᠶ᠎ᠠ ᠠᠨᠤ ᠲᠡᠪᠬᠡᠢᠢᠵᠦ᠂ ᠬᠠᠪᠢᠷᠭᠠᠨ ᠤ ᠶᠠᠰᠤ ᠠᠨᠤ ᠢᠷᠠᠢᠢᠭᠰᠠᠨ ᠢᠯᠭᠤᠨ ᠰᠠᠷᠠᠯ ᠮᠣᠷᠢ ᠠᠨᠤ ᠲᠣᠭᠲᠠᠵᠤ ᠶᠠᠳᠠᠨ ᠭᠣᠤ᠎ᠠ ᠰᠠᠢᠢᠬᠠᠨ ᠳᠥᠷᠪᠡᠨ ᠬᠥᠯ ᠢᠶᠡᠷ ᠢᠶᠡᠨ ᠡᠭᠡᠯᠵᠢᠯᠡᠨ ᠭᠠᠵᠠᠷ ᠴᠠᠪᠴᠢᠯᠠᠵᠤ᠂ ᠤᠷᠠᠨ ᠰᠠᠢᠢᠬᠠᠨ ᠲᠣᠯᠤᠭᠠᠢ ᠪᠠᠨ ᠡᠰᠢ ᠲᠡᠰᠢ ᠰᠡᠵᠢᠭᠦ ᠢᠨᠦ ᠠᠭᠠᠷ ᠲᠤ ᠲᠡᠭᠳᠡᠵᠦ᠂ ᠡᠬᠦᠯᠡᠨ ᠳᠦ ᠤᠮᠪᠠᠨ ᠠᠯᠳᠠᠮᠠᠷ᠃ ᠬᠣᠶᠠᠷ ᠴᠢᠬᠢ ᠪᠡᠨ ᠰᠣᠯᠪᠢᠯᠵᠠᠭᠤᠯᠤᠨ ᠬᠠᠶᠠ ᠨᠢᠭᠡ ᠰᠢᠯᠭᠡᠭᠡᠵᠦ᠂ ᠡᠵᠡᠨ ᠦ ᠪᠡᠨ ᠰᠡᠳᠬᠢᠯ ᠢ ᠪᠠᠶᠠᠰᠬᠠᠨ᠎ᠠ᠃

ᠭᠤᠷᠪᠠ᠂

ᠡᠨᠡ ᠦᠢ᠎ᠡ ᠳᠦ ᠤᠳᠠᠭ᠎ᠠ ᠳᠠᠷᠠᠭᠠᠠ ᠬᠦᠷᠴᠦ ᠢᠷᠡᠭᠰᠡᠨ ᠬᠦᠮᠦᠰ ᠲᠡᠭᠦᠨ ᠢ ᠭᠠᠢᠢᠬᠠᠨ ᠮᠠᠭᠲᠠᠬᠤ ᠪᠦᠭᠡᠳ ᠰᠢᠪᠠᠭᠤᠨ ᠰᠠᠷᠠᠯ ᠭᠡᠵᠦ ᠨᠡᠷᠡᠢᠢᠳᠦᠨ᠂ ᠰᠦᠷᠦᠩᠬᠦ᠋᠋ᠦ ᠡᠴᠡ ᠱᠠᠯᠠᠵᠤ᠂ ᠡᠳᠦᠢ ᠲᠡᠳᠦᠢ ᠵᠠᠯᠠᠭᠤ ᠲᠠᠷᠭᠤᠨ ᠮᠣᠷᠢᠨ ᠤ ᠦᠨ᠎ᠡ ᠬᠠᠶᠠᠯᠴᠠᠨ᠎ᠠ᠃ ᠰᠦᠷᠦᠩᠬᠦ᠋᠋ᠦ ᠮᠣᠷᠢᠨ ᠤ ᠲᠣᠯᠤᠭᠠᠢ ᠢᠢ ᠢᠯᠪᠢᠵᠦ᠂ ᠬᠤᠳᠠᠯᠳᠤᠬᠤ ᠦᠬᠡᠢ ᠬᠡᠨ᠎ᠡ᠃ ᠴᠤᠭᠭᠠᠷ ᠨᠢᠭᠡᠨ ᠵᠡᠷᠭᠡ ᠰᠢᠪᠠᠭᠤᠨ ᠰᠠᠷᠠᠯ ᠤᠨ ᠲᠤᠬᠠᠢ ᠶᠠᠷᠢᠢ᠎ᠠ ᠪᠣᠯᠤᠯᠴᠠᠭᠠᠳ᠂ ᠣᠷᠣᠢ ᠶᠢᠨ ᠰᠢᠷ᠎ᠠ ᠨᠠᠷᠠᠨ ᠳᠤ ᠵᠦᠭ ᠵᠦᠭ᠂ ᠭᠡᠷ ᠭᠡᠷ  ᠳᠡᠭᠡᠨ᠂ ᠬᠣᠶᠠᠷ ᠭᠤᠷᠪᠠ ᠪᠠᠷ ᠢᠶᠠᠨ ᠨᠡᠢᠢᠯᠡᠯᠳᠦᠨ ᠶᠠᠷᠢᠯᠴᠠᠨ᠂ ᠡᠢᠰᠭᠡᠷᠦᠯᠳᠦᠨ ᠣᠳᠴᠠᠭᠠᠪᠠ᠃

ᠲᠥᠷᠪᠡ᠂

ᠥᠷᠯᠥᠭᠡᠨ ᠦ ᠨᠠᠷᠠᠨ ᠭᠠᠷᠬᠤ ᠳᠤ ᠨᠢᠭᠡᠨᠳᠡ ᠬᠡᠳᠦ ᠬᠡᠳᠦᠨ ᠠᠭᠤᠯᠠ ᠭᠣᠣᠯ ᠢ ᠥᠩᠭᠡᠷᠡᠵᠡᠢ᠃ ᠰᠦᠷᠦᠩᠬᠦ᠋᠋ᠦ ᠬᠦᠨᠳᠡᠯᠡᠨ ᠰᠠᠭᠤᠵᠤ᠂ ᠬᠣᠯᠠᠬᠢ ᠭᠠᠵᠠᠷ ᠢ ᠵᠣᠷᠢᠨ᠂ ᠡᠨᠡ ᠦᠳᠡᠰᠢ ᠨᠢᠭᠡ ᠶᠠᠭᠤᠮᠠᠨ ᠳᠤ ᠶᠠᠭᠠᠷᠠᠨ᠎ᠠ᠃ ᠰᠢᠪᠠᠭᠤᠨ ᠰᠠᠷᠠᠯ ᠠᠨᠤ ᠬᠠᠵᠠᠭᠠᠷ ᠳᠠᠷᠤᠨ᠂ ᠬᠣᠨᠤᠭ ᠤᠨ ᠭᠠᠵᠠᠷ ᠢ ᠡᠳᠦᠷ ᠲᠡᠭᠡᠨ ᠬᠦᠷᠬᠦ ᠪᠡᠷ ᠲᠡᠮᠡᠦᠯᠤᠨ ᠬᠠᠲᠠᠷᠢᠨ᠎ᠠ ᠃

ᠲᠠᠪᠤ᠂

ᠥᠷᠯᠥᠭᠡᠨ ᠦ ᠨᠠᠷᠠᠨ ᠭᠠᠷᠬᠤ ᠳᠤ ᠨᠢᠭᠡᠨᠳᠡ ᠬᠡᠳᠦ ᠬᠡᠳᠦᠨ ᠠᠭᠤᠯᠠ ᠭᠣᠣᠯ ᠢ ᠥᠩᠭᠡᠷᠡᠵᠡᠢ᠃ ᠰᠦᠷᠦᠩᠬᠦ᠋᠋ᠦ ᠬᠦᠨᠳᠡᠯᠡᠨ ᠰᠠᠭᠤᠵᠤ᠂ ᠬᠣᠯᠠᠬᠢ ᠭᠠᠵᠠᠷ ᠢ ᠵᠣᠷᠢᠨ᠂ ᠡᠨᠡ ᠦᠳᠡᠰᠢ ᠨᠢᠭᠡ ᠶᠠᠭᠤᠮᠠᠨ ᠳᠤ ᠶᠠᠭᠠᠷᠠᠨ᠎ᠠ᠃ ᠰᠢᠪᠠᠭᠤᠨ ᠰᠠᠷᠠᠯ ᠠᠨᠤ ᠬᠠᠵᠠᠭᠠᠷ ᠳᠠᠷᠤᠨ᠂ ᠬᠣᠨᠤᠭ ᠤᠨ ᠭᠠᠵᠠᠷ ᠢ ᠡᠳᠦᠷ ᠲᠡᠭᠡᠨ ᠬᠦᠷᠬᠦ ᠪᠡᠷ ᠲᠡᠮᠡᠦᠯᠤᠨ ᠬᠠᠲᠠᠷᠢᠨ᠎ᠠ ᠃

ᠵᠢᠷᠭᠣᠭ᠎ᠠ᠂

ᠶᠠᠪᠤᠬᠤ ᠵᠠᠮ ᠮᠡᠯᠴᠡᠢᠢᠮ᠎ᠡ ᠴᠡᠯᠭᠡᠷ᠂ ᠰᠠᠢᠢᠬᠠᠨ ᠨᠠᠮᠤᠷ ᠤᠨ ᠦᠶᠡᠰ ᠲᠣᠯᠠ ᠡᠪᠡᠰᠦᠨ ᠦ ᠲᠣᠯᠤᠭᠠᠢ ᠨᠠᠢᠢᠭᠤᠨ᠎ᠠ᠃ ᠡᠮᠦᠨ᠎ᠡ ᠪᠡᠢ᠎ᠡ ᠪᠡᠷ ᠬᠡᠷᠦᠨ ᠳᠠᠪᠬᠢᠬᠤ ᠭᠦᠷᠦᠭᠡᠰᠦ ᠤᠭ ᠶᠣᠰᠤᠭᠠᠷ ᠴᠡᠩᠭᠡᠯᠳᠤᠭᠡᠳ᠂ ᠳᠣᠯᠬᠢᠶᠠᠨ ᠮᠡᠲᠦ ᠥᠩᠬᠡᠷᠡᠨ᠎ᠡ᠃ ᠰᠢᠪᠠᠭᠤᠨ ᠰᠠᠷᠠᠯ ᠮᠣᠷᠢ ᠠᠨᠤ ᠰᠦᠷᠦᠩᠬᠦ᠋᠋ᠦ  ᠶᠢᠨ ᠤᠨᠤᠭ᠎ᠠ᠂ ᠰᠦᠮᠡᠯᠵᠡᠨ ᠰᠦᠮᠡᠯᠵᠡᠨ ᠬᠠᠷᠠᠭᠳᠠᠬᠤ ᠠᠨᠤ ᠰᠦᠩᠵᠢᠳᠮ᠎ᠠ ᠶᠢᠨ ᠨᠤᠲᠠᠤᠭ᠃

ᠳᠣᠯᠤᠭ᠎ᠠ᠂

ᠬᠠᠷᠢ ᠬᠤᠰᠢᠭᠤᠨ ᠤ ᠨᠤᠲᠤᠭ ᠲᠤ ᠣᠷᠣᠬᠤ ᠳᠤ ᠤᠷᠢᠳᠤ ᠦᠵᠡᠭᠳᠡᠭᠡᠳᠦᠢ ᠠᠠᠭᠤᠯᠠ ᠤᠰᠤ ᠪᠠᠰᠠ ᠴᠤ ᠰᠣᠨᠢᠨ᠃ ᠡᠭᠦᠪᠡᠷ ᠲᠡᠭᠦᠪᠡᠷ ᠠᠳᠤᠭᠤ ᠮᠠᠯ ᠵᠦᠩᠳᠡᠭᠡᠨ ᠪᠡᠯᠴᠢᠭᠡᠳ᠂ ᠦᠢ᠎ᠡ ᠦᠢ᠎ᠡ ᠲᠣᠬᠢᠶᠠᠯᠳᠤᠬᠤ ᠠᠢᠢᠯ ᠤᠨ ᠵᠡᠯᠠᠠ ᠳᠡᠭᠡᠷᠡᠡ ᠪᠠᠷᠢᠭᠠᠲᠠᠢ ᠬᠡᠬᠦᠦ ᠨᠦᠭᠦᠳ ᠢᠨᠴᠠᠭᠠᠵᠦ᠂ ᠠᠢᠢᠷᠠᠭ᠂ ᠨᠠᠢᠢᠷ ᠤᠨ ᠴᠠᠭ ᠮᠡᠳᠡᠭᠳᠡᠪᠡᠴᠦ ᠳᠠᠭᠠᠷᠢᠨ ᠣᠷᠣᠵᠤ ᠵᠤᠭᠠᠴᠠᠬᠤ ᠴᠢᠯᠦᠭᠡ ᠬᠠᠮᠢᠭ᠎ᠠ ᠪᠤᠤ ?

ᠨᠠᠢᠮᠠ᠂

ᠰᠦᠷᠦᠩᠬᠦ᠋᠋ᠦ ᠡᠭᠦᠨ ᠳᠦ ᠰᠣᠨᠢᠷᠬᠠᠬᠤ ᠠᠨᠤ ᠪᠠᠭ᠎ᠠ᠂ ᠲᠡᠬᠦᠨ ᠳᠦ ᠰᠢᠮᠳᠠᠬᠤ ᠠᠨᠤ ᠶᠡᠬᠡ ᠳᠤᠯᠠ ᠴᠢᠭᠯᠡᠭᠰᠡᠨ ᠵᠦᠭ ᠰᠢᠨᠤᠵᠤ ᠳᠠᠪᠬᠢᠨ ᠦᠩᠭᠡᠷᠡᠬᠦ ᠪᠦᠬᠡᠳ ᠰᠢᠪᠠᠭᠤᠨ ᠰᠠᠷᠠᠯ᠂ ᠦᠳᠡᠰᠢ ᠪᠣᠯᠲᠠᠯᠠᠠ ᠥᠷᠯᠦᠭᠡᠨ ᠦ ᠬᠡᠪ ᠢᠶᠡᠷ ᠬᠠᠲᠠᠷᠢᠭᠰᠠᠭᠠᠷ ᠨᠠᠷᠢᠨ ᠰᠠᠢᠢᠬᠠᠨ ᠳᠥᠷᠪᠡᠨ ᠬᠥᠯ ᠢᠨᠤ ᠠᠭᠤᠯᠠ ᠬᠤᠸᠠ ᠶᠢᠨ ᠲᠣᠭᠣᠰᠤ ᠢᠢ ᠪᠤᠲᠠᠷᠠᠭᠤᠯᠤᠭᠰᠠᠭᠠᠷ ᠣᠢᠢᠷᠡᠡ ᠵᠡᠷᠭᠡᠯᠡᠳᠡᠭᠡ ᠰᠠᠭᠤᠭᠰᠠᠨ ᠨᠤᠲᠤᠭ ᠤᠨ ᠠᠢᠢᠯ ᠤᠨ ᠬᠦᠭᠰᠢᠳ ᠵᠠᠯᠠᠭᠤᠰ ᠳᠡᠭᠦᠨ ᠦ ᠪᠠᠷ᠎ᠠ ᠢᠢ ᠬᠠᠷᠠᠵᠤ ᠭᠠᠢᠢᠬᠠᠨ᠎ᠠ᠃ ᠢᠢᠮᠦ ᠰᠠᠢᠢᠬᠠᠨ ᠮᠣᠷᠢ ᠣᠨᠣᠭᠰᠠᠨ ᠬᠦᠮᠦᠨ ᠬᠠᠮᠢᠭᠠᠰᠢ ᠣᠳᠣᠨ᠎ᠠ ᠭᠡᠵᠦ ᠴᠥᠮ ᠰᠢᠷᠲᠡᠭᠰᠡᠭᠡᠷ ᠬᠣᠴᠣᠷᠤᠨ᠎ᠠ᠃

ᠶᠢᠰᠦ᠂

ᠬᠤᠷᠳᠤᠯᠠᠨ ᠳᠠᠪᠬᠢᠬᠤ ᠠᠨᠤ ᠨᠡᠩ ᠶᠡᠬᠡ᠂ ᠬᠠᠷᠠᠬᠠᠨ ᠨᠢᠭᠡ ᠵᠠᠭᠤᠷᠠᠠ ᠡᠷᠭᠢᠴᠡᠭᠦᠯᠬᠦ  ᠶᠢᠨ ᠦᠶᠡᠰ ᠳᠠᠯᠳᠠ ᠣᠷᠤᠨ᠂ ᠰᠤᠷᠠᠭ ᠦᠭᠡᠢ ᠪᠣᠯᠵᠡᠢ᠃ ᠲᠡᠭᠦᠨ ᠡᠴᠡ ᠬᠣᠰᠢᠭᠤᠨ ᠤ ᠨᠤᠲᠤᠭ ᠤᠨ ᠳᠤᠮᠳᠠ ᠣᠷᠣᠬᠤ ᠶᠢᠨ ᠬᠠᠮᠲᠤ ᠰᠦᠷᠦᠩᠬᠦ᠋᠋ᠦ ᠶᠢᠨ ᠰᠡᠳᠬᠢᠯ ᠶᠡᠬᠡᠯᠡᠡ ᠪᠠᠬᠠᠳᠠᠢ ᠪᠣᠯᠵᠤ᠂ ᠰᠦᠩᠵᠢᠳᠮ᠎ᠠ ᠶᠢᠨ ᠭᠡᠷ ᠣᠢᠢᠷᠠᠳᠣᠭᠰᠠᠨ ᠭᠡᠵᠦ ᠪᠠᠶᠠᠷᠯᠠᠬᠤ ᠪᠣᠯᠪᠠᠴᠤ᠂ ᠬᠠᠭᠤᠴᠢᠨ ᠰᠠᠷᠠᠨ ᠣᠷᠣᠢ ᠮᠠᠨᠳᠤᠬᠤ ᠲᠤᠯᠠ ᠵᠠᠮ ᠤᠨ ᠴᠢᠭ ᠢ ᠣᠯᠵᠤ ᠶᠠᠳᠠᠨ᠎ᠠ᠃

ᠠᠷᠪᠠ᠂

ᠴᠠᠭᠠᠨ ᠭᠡᠭᠡ ᠨᠢᠭᠡᠨᠳᠡ ᠵᠠᠮᠬᠠᠷᠠᠵᠤ᠂ ᠦᠳᠡᠰᠢ ᠶᠢᠨ ᠪᠠᠢᠢᠳᠠᠯ ᠪᠠᠰᠠ ᠴᠦ ᠬᠣᠵᠢᠮᠳᠠᠬᠰᠠᠨ᠂ ᠶᠠᠪᠤᠬᠤ ᠵᠠᠮ ᠢ ᠭᠠᠭᠴᠠ ᠬᠦ ᠰᠢᠪᠠᠭᠤᠨ ᠰᠠᠷᠠᠯ ᠤᠳᠤᠷᠢᠳᠴᠡᠢ᠃ ᠲᠡᠷᠡᠳᠡᠭᠡ ᠠᠭᠤᠯᠠ ᠢᠢ ᠵᠥᠪᠭᠡᠨ ᠰᠦᠷᠦᠩᠬᠦ᠋᠋ᠦ ᠰᠢᠷᠲᠡᠬᠦ ᠪᠣᠯᠪᠠᠴᠤ ᠭᠠᠭᠴᠠ ᠬᠦ ᠬᠡᠳᠦᠨ ᠣᠳᠤᠨ ᠡᠨᠳᠡ ᠲᠡᠨᠳᠡ ᠰᠦᠮᠡᠯᠵᠡᠵᠦ᠂ ᠨᠥᠬᠦᠷ ᠪᠣᠯᠤᠯᠴᠠᠨᠠᠠ᠃ ᠡᠨᠡ ᠦᠢᠡᠡ ᠰᠦᠷᠦᠩᠬᠦ᠋᠋ᠦ ᠵᠣᠷᠢᠭᠰᠠᠨ ᠭᠠᠵᠠᠷ ᠴᠤᠬᠤᠮ ᠬᠠᠮᠢᠭ᠎ᠠ ᠪᠦᠬᠦᠢ ᠢᠢ ᠯᠠᠪᠯᠠᠨ ᠡᠷᠭᠢᠴᠡᠭᠦᠯᠬᠦ ᠶᠢᠨ ᠵᠠᠭᠤᠷ ᠎ᠠ ᠡᠮᠦᠨ᠎ᠡ ᠬᠠᠵᠠᠭᠤ ᠶᠢᠨ ᠡᠳᠡᠭᠡᠳ ᠲᠦ ᠭᠡᠷ ᠦᠨ ᠣᠴᠢ ᠭᠢᠯᠠᠯᠵᠠᠪᠠ᠃

ᠠᠷᠪᠠᠨ ᠨᠢᠭᠡ᠂

ᠰᠦᠷᠦᠩᠬᠦ᠋᠋ᠦ ᠲᠡᠭᠦᠨ ᠢ ᠦᠵᠡᠨ ᠪᠠᠶᠠᠰᠴᠤ᠂ ᠰᠢᠭᠤᠳ ᠳᠠᠪᠬᠢᠨ ᠣᠳᠬᠤ ᠵᠠᠮ ᠳᠤ ᠳᠣᠷᠬᠤ ᠶᠠᠭᠤᠮ᠎ᠠ ᠦᠭᠡᠢ᠂ ᠰᠢᠪᠠᠭᠤᠨ ᠰᠠᠷᠠᠯ ᠤᠨ ᠲᠤᠭᠤᠷᠠᠢ ᠠᠴᠠ ᠪᠠᠢᠢᠨ ᠪᠠᠢᠢᠨ ᠭᠠᠯ ᠪᠠᠳᠠᠷᠠᠨ᠎ᠠ᠃ ᠤᠳᠠᠯ ᠦᠭᠡᠢ ᠨᠢᠭᠡᠨ ᠪᠦᠭᠯᠡᠬᠦᠦ ᠭᠠᠵᠠᠷ ᠲᠤ ᠬᠣᠶᠠᠷ ᠭᠤᠷᠪᠠᠨ ᠭᠡᠷ ᠦᠨ ᠬᠠᠶᠠᠭᠠᠨ ᠳᠤ ᠬᠦᠷᠬᠦ ᠶᠢᠨ ᠬᠠᠮᠳᠤ᠂ ᠮᠦᠨ ᠭᠡᠷ ᠡᠴᠡ ᠰᠦᠩᠵᠢᠳᠮᠠᠠ ᠭᠠᠷᠴᠤ ᠨᠣᠬᠠᠢ ᠬᠣᠷᠢᠬᠤ ᠪᠦᠭᠡᠳ ᠬᠠᠰ ᠤᠨ ᠴᠢᠷᠠᠢ ᠠᠨᠤ ᠬᠠᠪ ᠬᠠᠷᠠᠩᠬᠤᠢ ᠶᠢᠨ ᠳᠤᠮᠳᠠ ᠲᠤᠶᠠᠭᠠᠠ ᠲᠤᠰᠬᠠᠨᠡᠡ᠃

No comments:

Post a Comment